ᠮᠠᠨ ᠤ ᠬᠤᠰᠢᠭᠤ ᠣᠯᠠᠨ ᠵᠣᠶᠢᠯ ᠤᠨ ᠪᠤᠳᠠᠲᠤ ᠠᠷᠭ᠎ᠠ ᠪᠠᠷ ᠤᠷᠴᠢᠭᠤᠯᠤᠭᠴᠢᠳ ᠤᠨ ᠬᠢᠷᠢ ᠲᠦᠪᠰᠢᠨ ᠢ ᠲᠡᠭᠡᠭᠰᠢᠯᠡᠬᠦᠯᠵᠦ ᠪᠠᠶᠢᠨ᠎ᠠ
ᠨᠡᠶᠢᠲᠡᠯᠡᠭᠰᠡᠨ ᠴᠠᠭ᠄
2019-11-25
     ᠤᠶᠢᠷ᠎ᠠ ᠶᠢᠨ ᠡᠳᠦᠷ᠂ ᠮᠠᠨ ᠤ ᠬᠤᠰᠢᠭᠤᠨ ᠤ ᠦᠨᠳᠣᠰᠣᠳᠡᠨ ᠤ ᠭᠡᠷᠡᠭ ᠡᠷᠬᠢᠯᠡᠬᠦ ᠵᠦᠪᠯᠡᠯ ᠠᠴᠠ ᠡᠷᠬᠢᠯᠡᠭᠰᠡᠨ ᠪᠦᠬᠦ ᠬᠤᠰᠢᠭᠤᠨ ᠤ ᠡᠯ᠎ᠡ ᠪᠠᠶᠢᠭᠤᠯᠭ᠎ᠠ ᠨᠢᠭᠡᠴᠢ ᠶᠢᠨ ᠣᠷᠴᠢᠭᠤᠯᠣᠭᠴᠢᠳ ᠤᠨ ᠣᠷᠣᠯᠴᠠᠭᠰᠠᠨ ᠨᠠᠮ ᠤᠯᠤᠰ ᠲᠦᠷᠦ ᠶᠢᠨ ᠬᠠᠮᠢᠶ᠎ᠠ ᠪᠦᠬᠦᠢ ᠠᠭᠤᠯᠭ᠎ᠠ ᠶᠢ ᠬᠠᠮᠣᠷᠣᠭᠰᠠᠨ ᠤᠷᠴᠢᠭᠤᠯᠭ᠎ᠠ ᠶᠢᠨ ᠣᠷ᠎ᠠ ᠮᠡᠷᠭᠡᠵᠢᠯ ᠤᠨ ᠤᠷᠤᠯᠳᠤᠭᠠᠨ ᠠᠮᠵᠢᠯᠳᠡ ᠲᠠᠢ ᠶᠠᠪᠣᠭᠳᠠᠵᠣ ᠳᠦᠷᠣᠭᠦᠣ ᠭᠤᠷᠪᠡᠨ ᠨᠡᠷᠡᠰ ᠪᠠ ᠰᠢᠯᠢᠳᠡᠭ ᠲᠡᠰ ᠲᠤ ᠲᠤᠲᠤᠷᠠᠭᠰᠠᠳ  ᠢ ᠲᠤᠰ ᠲᠤᠰ ᠱᠠᠩᠨᠠᠨ ᠬᠦᠬᠢᠬᠦᠯᠦᠯ᠎ᠡ᠃      ᠮᠠᠨ ᠤ ᠬᠤᠰᠢᠭᠤᠨ ᠤ ᠦᠨᠳᠣᠰᠣᠳᠡᠨ ᠤ ᠭᠡᠷᠡᠭ ᠡᠷᠬᠢᠯᠡᠬᠦ ᠵᠦᠪᠯᠡᠯ ᠨᠢ ᠣᠷᠴᠢᠭᠤᠯᠣᠭᠴᠢᠳ ᠤᠨ ᠣᠷᠴᠢᠭᠤᠯᠭ᠎ᠠ ᠶᠢᠨ ᠶᠠᠷᠣᠩᠬᠡᠶᠢᠯᠡᠭᠰᠠᠨ ᠬᠢᠷᠢ ᠳᠦᠪᠰᠢᠨ ᠪᠣᠯᠣᠨ ᠴᠢᠳᠡᠪᠣᠷᠢ ᠢ ᠳᠠᠭᠡᠭᠰᠢᠯᠡᠬᠦᠯᠬᠦ ᠶᠢᠨ ᠲᠤᠰᠠᠳᠠ ᠣᠶᠢᠷ᠎ᠠ ᠶᠢᠨ ᠡᠳᠣᠷ ᠪᠠᠰᠠ 2019 ᠣᠨ ᠤ ᠪᠦᠬᠦ ᠬᠤᠰᠢᠭᠤᠨ ᠤ ᠡᠯ᠎ᠡ ᠪᠠᠶᠢᠭᠤᠯᠭ᠎ᠠ ᠨᠢᠭᠡᠴᠢ᠂ ᠰᠣᠮᠣ ᠪᠠᠯᠭᠠᠰᠤᠨ  ᠤ 170 ᠭᠠᠷᠣᠢ ᠬᠦᠮᠣᠨ ᠣᠷᠣᠯᠴᠠᠭᠰᠠᠨ ᠣᠷᠴᠢᠭᠤᠯᠣᠭᠴᠢᠳ ᠤᠨ ᠪᠣᠯᠪᠠᠰᠣᠷᠠᠯ ᠢ ᠡᠷᠬᠢᠯᠡᠵᠣ ᠳᠣᠮᠳᠡᠳᠣ ᠤᠯᠤᠰ  ᠤᠨ ᠦᠨᠳᠦᠰᠦᠲᠡᠨ ᠤ ᠬᠡᠯᠡᠨ ᠣᠷᠴᠢᠭᠤᠯᠭ᠎ᠠ ᠶᠢᠨ ᠳᠣᠪᠴᠢᠶᠠᠨ ᠤ ᠮᠡᠷᠭᠡᠵᠢᠯᠳᠡᠨ ᠪᠠᠭᠰᠢ ᠢ ᠤᠷᠢᠨ ᠮᠣᠩᠭᠤᠯ ᠬᠡᠯᠡᠨ  ᠤ ᠨᠡᠷ᠎ᠡ ᠲᠤᠮᠢᠶᠠᠨ ᠤ ᠣᠷᠴᠢᠭᠤᠯᠭ᠎ᠠ ᠪᠠ ᠳᠥᠷᠢᠮᠵᠢᠯ ᠤᠨ ᠰᠤᠳᠤᠯᠭᠠᠨ ᠤ ᠳᠤᠬᠠᠢ ᠪᠣᠯᠤᠨ ᠣᠷᠴᠢᠭᠤᠯᠭ᠎ᠠ ᠶᠢᠨ ᠠᠵᠢᠯᠲᠠᠨ ᠤ ᠳᠤᠬᠠᠶᠢᠯᠠᠭᠰᠠᠨ ᠠᠵᠢᠯ ᠤᠨ ᠬᠡᠪ ᠴᠢᠨᠠᠷ ᠢ ᠬᠡᠷᠬᠢᠨ ᠳᠡᠭᠡᠭᠰᠢᠯᠡᠭᠦᠯᠬᠦ ᠠᠰᠠᠭᠤᠳᠠᠯ ᠤᠳ ᠤᠨ ᠲᠤᠭᠤᠷᠢᠨ  ᠳᠤ ᠲᠣᠰᠬᠠᠢ ᠰᠡᠳᠣᠪᠳᠣ ᠲᠠᠶᠢᠯᠣᠮᠵᠢ ᠬᠢᠯᠭᠡᠭᠰᠡᠨ ᠪᠠᠶᠢᠨ᠎ᠠ᠃      ᠣᠶᠢᠷ᠎ᠠ ᠶᠢᠨ ᠵᠢᠯ ᠠᠴᠠ ᠨᠠᠰᠢ᠂ ᠮᠠᠨ ᠤ ᠬᠤᠰᠢᠭᠤᠨ ᠤ ᠦᠨᠳᠣᠰᠣᠳᠡᠨ ᠤ ᠭᠡᠷᠡᠭ ᠡᠷᠬᠢᠯᠡᠬᠦ ᠵᠦᠪᠯᠡᠯ ᠨᠢ ᠪᠦᠬᠦ ᠬᠤᠰᠢᠭᠤᠨ ᠤ ᠣᠷᠴᠢᠭᠤᠯᠣᠭᠴᠢᠳ ᠤᠨ ᠣᠷᠴᠢᠭᠤᠯᠬᠤ ᠤᠷ᠎ᠠ ᠮᠡᠷᠭᠡᠵᠢᠯ ᠤᠨ ᠣᠷᠣᠯᠳᠣᠭᠠᠨ᠂ ᠣᠷᠴᠢᠭᠤᠯᠭ᠎ᠠ  ᠶᠢᠨ ᠪᠣᠯᠪᠠᠰᠣᠷᠠᠯ᠂ ᠣᠷᠴᠢᠭᠤᠯᠣᠭᠴᠢᠳ ᠲᠤ ᠨᠦᠬᠦᠪᠣᠷᠢ ᠤᠯᠭᠤᠬᠤ ᠵᠡᠷᠭᠡ ᠪᠣᠳᠡᠳᠣ ᠠᠷᠭ᠎ᠠ ᠬᠡᠮᠵᠢᠶ᠎ᠠ ᠪᠠᠷ ᠣᠷᠴᠢᠭᠤᠯᠣᠭᠴᠢᠳ ᠤᠨ ᠡᠩᠨᠡᠭᠡ ᠶᠢ ᠰᠢᠯᠢᠳᠡᠭᠵᠢᠬᠦᠯᠵᠤ ᠣᠷᠴᠢᠭᠤᠯᠭ᠎ᠠ ᠶᠢᠨ ᠠᠵᠢᠯ ᠢ ᠤᠯᠠᠮ ᠰᠠᠶᠢᠨ ᠴᠢᠬᠤᠯᠠᠴᠢᠯᠠᠨ ᠳᠡᠮᠵᠢᠵᠤ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号