︽ᠤᠷᠳᠤ ᠶᠢᠨ ᠤᠷᠳᠤ ᠳᠤ ᠲᠠᠭᠤᠷᠢᠰᠤᠭᠠᠳ ᠪᠠᠶᠢᠬᠤ | ᠤᠩᠭᠤᠨ ᠮᠠᠩᠬ᠎ᠠ ᠶᠢᠨ ᠦᠯᠢᠭᠡᠷ ᠲᠠᠢ | ᠤᠷᠤᠰᠬᠠᠯ ᠲᠠᠭᠠᠭᠠᠳ ᠠᠶᠠᠯᠠᠭᠠᠳ ᠪᠠᠶᠢᠬᠤ | ᠤᠨᠠᠭᠠᠨ ᠨᠤᠳᠤᠭ ᠪᠠᠶᠠᠨ ᠭᠤᠤᠯ ᠡ︾ ᠭᠡᠵᠤ ᠲᠠᠭᠤᠤ ᠳᠤ ᠲᠠᠭᠤᠯᠠᠬᠳᠠᠵᠤ᠂ ᠰᠡᠳᠬᠢᠯ ᠳᠤ | ᠲᠤᠷᠠᠰᠬᠠᠬᠳᠠᠳᠠᠬ ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤᠨ ᠤ ᠪᠠᠶᠠᠨᠭᠤᠤᠯ ᠭᠠᠴᠠᠭᠠᠨ ᠤ ᠦᠩᠰᠢᠭ | ᠲᠠᠩᠰᠤᠭ ᠲᠠᠯ᠎ᠠ ᠨᠤᠳᠤᠭ᠂ ᠦᠶᠠᠯᠠᠨ ᠤᠷᠤᠰᠬᠤ ᠰᠢᠪᠡᠷ ᠤᠨ ᠪᠤᠯᠠᠭ ᠵᠡᠷᠭᠡ ᠨᠢ ᠭᠦᠷᠦᠭᠰᠡᠨ ᠭᠦᠮᠦᠰ ᠤᠨ | ᠠᠩᠬᠠᠷᠤᠯ ᠢ ᠲᠠᠳᠠᠳᠠᠭ᠃ ᠨᠠᠩ ᠴᠦ ᠪᠠᠶᠠᠨᠭᠤᠤᠯ ᠤᠨ ︽ᠲᠦᠷᠪᠡᠨ ᠡᠷᠳᠡᠨᠢ︾ ᠶᠢᠨ ᠨᠢᠭᠡ ᠪᠤᠯᠬᠤ ᠰᠢᠪᠡᠷ ᠤᠨ | ᠪᠤᠯᠠᠭ ᠤᠨ ᠤᠰᠤ ᠶᠢ ᠭᠦᠮᠦᠰ ᠡᠷᠭᠡᠪᠰᠢ ᠠᠮᠰᠠᠵᠤ ᠠᠶᠠᠨ ᠤ ᠴᠢᠯᠡᠭᠡ᠂ ᠠᠩᠭ᠎ᠠ ᠴᠠᠩᠭ᠎ᠠ ᠪᠠᠨ ᠲᠠᠶᠢᠯᠤᠨ | ᠬᠠᠨᠤᠳᠠᠯ᠎ᠠ ᠪᠠᠨ ᠤᠤᠭᠤᠭᠠᠳ ᠴᠤᠮᠤ ᠪᠤᠶᠤ ᠯᠤᠩᠬᠤᠨ ᠳᠤ ᠪᠠᠨ ᠲᠦᠭᠦᠷᠭᠡᠭᠡᠳ ᠠᠶᠠᠯᠠᠯ ᠢᠶᠠᠨ ᠦᠷᠭᠦᠯᠵᠢᠯᠡᠭᠦᠯᠳᠡᠭ᠃ | | ᠤᠶᠢᠷ᠎ᠠ ᠶᠢᠨ ᠡᠳᠦᠷ ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤᠨ ᠤ ᠪᠠᠶᠠᠨᠭᠤᠤᠯ ᠭᠠᠴᠠᠭᠠᠨ ᠳᠤ | ᠪᠤᠯᠠᠭ ᠤᠨ ᠤᠰᠤᠨ ᠤᠶᠢᠯᠠᠳᠪᠤᠷᠢ ᠲᠠᠢ ᠪᠤᠯᠤᠯ᠎ᠠ ᠭᠡᠰᠡᠨ ᠰᠤᠷᠠᠭ ᠢᠶᠠᠷ ᠭᠦᠷᠭᠦ ᠳᠤ ᠠᠵᠢᠯᠴᠢᠳ ᠯᠤᠩᠬᠤᠨ ᠳᠤ | ᠤᠰᠤ ᠰᠠᠪᠠᠯᠠᠭᠠᠳ ᠶᠠᠭᠠᠷᠠᠯᠳᠤᠵᠤ ᠪᠠᠶᠢᠯ᠎ᠠ᠃ ᠲᠤᠰ ᠭᠠᠴᠠᠭ᠎ᠠ ᠬᠠᠮᠳᠣ ᠶᠢᠨ ᠠᠵᠣ ᠠᠬᠤᠢ ᠶᠢ ᠬᠦᠭᠵᠢᠬᠦᠯᠬᠦ ᠪᠠᠷ | ᠭᠤᠤᠯᠯᠠᠵᠤ᠂ ᠭᠠᠵᠠᠷ ᠤᠷᠤᠨ ᠤ ᠡᠬᠢ ᠪᠠᠶᠠᠯᠢᠭ ᠤᠨ ᠲᠠᠪᠠᠭᠤᠯᠢᠭ ᠢᠶᠠᠨ ᠠᠰᠢᠬᠯᠠᠨ᠂ ᠰᠢᠪᠡᠷ ᠪᠣᠯᠠᠭ ᠤᠨ ᠣᠰᠣ ᠶᠢ | ᠣᠳᠣᠬᠢᠴᠢᠯᠠᠭᠰᠠᠨ ᠮᠠᠰᠢᠨ ᠲᠦᠬᠦᠭᠡᠷᠦᠮᠵᠢ ᠪᠠᠷ ᠠᠷᠢᠭᠤᠳᠬᠠᠨ ᠴᠡᠪᠡᠷᠰᠢᠬᠦᠯᠣᠭᠡᠳ ︽ᠠᠮᠢᠨ︾ ᠳᠡᠮᠳᠡᠭᠳᠣ | ᠪᠣᠯᠠᠭ ᠤᠨ ᠣᠰᠣᠨ ᠤ ᠣᠶᠢᠯᠡᠳᠪᠣᠷᠢ ᠪᠠᠶᠢᠭᠤᠯᠵᠡᠢ᠃ | ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠢᠨᠠᠨ ᠪᠠᠶᠢᠴᠠᠭᠠᠯᠳᠠ ᠶᠢ ᠦᠡᠭᠬᠡᠷᠡᠬᠡᠳ ᠣᠶᠢᠷ᠎ᠠ ᠶᠢᠨ | ᠬᠤᠭᠤᠴᠠᠭᠠᠨ ᠤ ᠳᠣᠷᠰᠢᠯᠳᠡ ᠪᠠᠷ ᠳᠠᠮᠵᠢᠨ ᠠᠰᠢᠬᠯᠠᠯᠳᠠ ᠳᠤ ᠣᠷᠣᠵᠣ᠂ ᠡᠳᠣᠷ ᠲᠤ 2 ᠳᠦᠮᠡᠨ ᠯᠣᠩᠬᠤ ᠣᠰᠣ | ᠪᠣᠯᠣᠨ 3000 ᠰᠠᠭᠤᠯᠠᠭ᠎ᠠ ᠣᠰᠣ ᠣᠶᠢᠯᠡᠳᠪᠣᠷᠢᠯᠡᠵᠣ᠂ ᠵᠢᠯ ᠳᠤ 6 ᠳᠦᠮᠡᠨ ᠳᠣᠨ ᠣᠰᠣ ᠰᠠᠪᠠᠯᠠᠨ | ᠣᠶᠢᠯᠡᠳᠪᠣᠷᠢᠯᠡᠵᠤ᠂ ᠵᠢᠯ ᠳᠤ ᠭᠠᠴᠠᠭᠠᠨ ᠤ ᠬᠠᠮᠳᠣ ᠶᠢᠨ ᠠᠵᠣ ᠠᠬᠤᠢ ᠳᠤ 160 ᠭᠠᠷᠣᠢ ᠳᠦᠮᠡᠨ ᠳᠦᠬᠦᠷᠢᠭ ᠤᠨ | ᠣᠷᠣᠯᠭ᠎ᠠ ᠡᠭᠦᠳᠬᠦ ᠪᠠᠷ ᠲᠦᠯᠦᠪᠯᠡᠵᠤ ᠪᠠᠶᠢᠨ᠎ᠠ᠃ | ︽ᠮᠠᠨ ᠤ ᠭᠠᠴᠠᠭ᠎ᠠ ᠰᠢᠪᠡᠷ ᠪᠤᠯᠠᠭ ᠤᠨ ᠤᠰᠤ ᠶᠢ ᠠᠰᠢᠬᠯᠠᠨ ᠰᠢᠪᠡᠷ ᠪᠤᠯᠠᠭ ᠤᠨ ᠤᠰᠤᠨ ᠤ ᠤᠶᠢᠯᠠᠳᠪᠤᠷᠢ | ᠪᠠᠶᠢᠭᠤᠯᠵᠤ᠂ ᠵᠠᠬ᠎ᠠ ᠲᠡᠯᠭᠡᠭᠦᠷ ᠲᠡᠭᠡᠷ᠎ᠡ ᠨᠤᠳᠤᠭ ᠤᠷᠤᠨ ᠤ ᠪᠠᠨ ᠪᠦᠳᠦᠭᠡᠭᠳᠡᠭᠦᠨ ᠢ ᠪᠤᠷᠤᠯᠠᠭᠤᠯᠵᠤ᠂ | ᠭᠠᠴᠠᠭᠠᠨ ᠤ ᠪᠠᠨ ᠬᠠᠮᠳᠤ ᠶᠢᠨ ᠠᠵᠤ ᠠᠬᠤᠢ ᠶᠢ ᠭᠦᠭᠵᠢᠭᠦᠯᠭᠦ ᠪᠠᠷ ᠵᠤᠷᠢᠵᠠᠢ᠃ ᠤᠳᠤ ᠲᠤᠨᠤᠭ ᠲᠦᠭᠦᠭᠡᠷᠦᠮᠵᠢ | ᠨᠢᠭᠡᠨᠳᠡ ᠪᠦᠷᠢᠯᠳᠦᠵᠤ᠂ ᠲᠤᠷᠰᠢᠨ ᠦᠢᠯᠡᠳᠪᠤᠷᠢᠯᠡᠬᠦ ᠱᠠᠳᠤᠨ ᠳᠤ ᠪᠠᠨ ᠪᠠᠶᠢᠨ᠎ᠠ᠃ ᠲᠠᠷᠠᠭᠠᠴᠢ ᠶᠢᠨ ᠠᠯᠬᠤᠮ ᠳᠤ | ᠤᠶᠢᠯᠠᠳᠪᠤᠷᠢ ᠪᠠᠨ ᠦᠤᠰᠢᠨ ᠬᠤᠰᠢᠭᠤᠨ ᠤ ᠤᠰᠤᠨ ᠤ ᠶᠠᠪᠤᠳᠠᠯ ᠤᠨ ᠺᠤᠮᠫᠠᠨᠢ ᠳᠤ ᠲᠠᠭᠠᠭᠠᠴᠢᠯᠠᠭᠤᠯᠤᠨ | ᠲᠦᠷᠢᠶᠠᠰᠦᠨ ᠮᠦᠩᠭᠦ ᠪᠠᠷ ᠢᠶᠠᠨ ᠬᠠᠮᠳᠤ ᠶᠢᠨ ᠠᠵᠤ ᠠᠬᠤᠢ ᠪᠠᠨ ᠭᠦᠭᠵᠢᠭᠦᠯᠦᠨ ᠪᠤᠵᠠᠭᠠᠶᠢᠷᠠᠭᠤᠯᠤᠬᠰᠠᠨ ᠰᠠᠭᠤᠷᠢᠨ | ᠲᠡᠭᠡᠷ᠎ᠡ ᠭᠠᠴᠠᠭᠠᠨ ᠤ ᠮᠠᠯᠴᠢᠨ ᠲᠦᠮᠡᠨ ᠳᠤ ᠪᠠᠨ ᠲᠦᠷᠦᠯ ᠵᠦᠢᠯ᠂ ᠨᠠᠶᠢᠳᠠ ᠶᠢᠨ ᠠᠰᠠᠷᠠᠮᠵᠢ ᠶᠢᠨ ᠲᠠᠯ᠎ᠠ ᠪᠠᠷ | ᠠᠰᠢᠭ ᠭᠦᠷᠳᠡᠭᠡᠭᠦ ᠪᠠᠷ ᠴᠢᠷᠮᠡᠶᠢᠵᠤ ᠪᠠᠶᠢᠨ᠎ᠠ︾ ᠪᠠᠶᠠᠨᠭᠤᠤᠯ ᠭᠠᠴᠠᠭᠠᠨ ᠤ ᠨᠠᠮ ᠤᠨ ᠡᠭᠦᠷ ᠤᠨ ᠱᠦᠵᠢ ᠪᠤᠶᠠᠨᠴᠤᠭ | ᠶᠠᠷᠢᠨ᠎ᠠ᠃ | ᠤᠶᠢᠷ᠎ᠠ ᠶᠢᠨ ᠵᠢᠯ ᠠᠴᠠ ᠪᠠᠶᠠᠨᠭᠤᠤᠯ ᠭᠠᠴᠠᠭ᠎ᠠ ᠦᠵᠡᠰᠭᠦᠯᠡᠩᠳᠦ ᠰᠠᠶᠢᠬᠠᠨ ᠭᠦᠳᠡᠭᠡ ᠲᠤᠰᠬᠤᠨ ᠢ | ᠴᠤᠬᠴᠠᠯᠠᠨ ᠪᠠᠶᠢᠭᠤᠯᠵᠤ᠂ ᠤᠯᠠᠨ ᠲᠦᠮᠠᠨ ᠤ ᠵᠢᠷᠭᠠᠯᠳᠤ ᠬᠦᠷᠲᠡᠮᠵᠢ ᠶᠢ ᠲᠡᠭᠡᠭᠰᠢᠯᠡᠭᠦᠯᠭᠦ ᠪᠠᠷ ᠬᠠᠷᠠᠯᠳᠠ ᠪᠤᠯᠭᠠᠵᠤ᠂ | ᠪᠣᠬᠢᠷᠳᠣᠯ ᠦᠬᠡᠢ ᠪᠣᠯᠠᠭ ᠤᠨ ᠣᠰᠣᠨ ᠤ ᠣᠶᠢᠯᠡᠳᠪᠣᠷᠢ ᠪᠠᠶᠢᠭᠤᠯᠬᠤ ᠪᠠᠷ ᠬᠠᠮᠳᠣ ᠶᠢᠨ ᠠᠵᠣ ᠠᠬᠤᠢ ᠶᠢ | ᠬᠦᠭᠵᠢᠬᠦᠯᠵᠣ᠂ ᠣᠯᠠᠭᠠᠨᠳᠣᠯᠣᠭᠠᠢ ᠶᠢᠨ ᠰᠦᠮ᠎ᠡ᠂ ᠣᠯᠠᠭᠠᠨᠳᠣᠯᠣᠭᠠᠢ ᠶᠢᠨ ᠣᠪᠣᠭ᠎ᠠ᠂ ᠰᠢᠪᠡᠷ ᠪᠣᠯᠠᠭ ᠤᠨ ᠣᠰᠣ᠂ | ᠴᠡᠬᠢᠷᠮᠡ ᠶᠢᠨ ᠴᠡᠴᠡᠭᠳᠣ ᠬᠦᠳᠡᠭᠡ ᠨᠣᠳᠤᠭ ᠤᠨ ᠦᠵᠡᠮᠵᠢ᠂ ᠣᠡᠭᠭᠤᠨ ᠮᠠᠩᠬᠠᠨ ᠤ ᠵᠢᠭᠤᠯᠴᠢᠯᠠᠯ ᠵᠡᠷᠭᠡ ᠣᠣᠭᠠᠯ | ᠰᠣᠶᠣᠯ᠂ ᠦᠵᠡᠮᠵᠢᠳᠣ ᠵᠢᠭᠤᠯᠴᠢᠯᠠᠯ ᠢ ᠠᠭᠤᠰᠣᠯᠴᠠᠭᠤᠯᠬᠤ ᠶᠢᠨ ᠬᠠᠮᠳᠣ ᠣᠷᠳᠣᠰ ᠤᠨ ᠨᠠᠷᠢᠨ ᠨᠣᠣᠰᠣᠳᠣ | ᠬᠤᠨᠢᠨ ᠤ ᠨᠤᠤᠰᠤ ᠶᠢ ᠰᠦᠯᠵᠢᠶᠠᠨ ᠳᠡᠭᠡᠷ᠎ᠡ ᠪᠤᠷᠤᠯᠠᠭᠤᠯᠵᠤ᠂ ᠬᠤᠨᠢᠨ ᠳᠤ ᠪᠠᠨ ᠬᠤᠶᠠᠷ ᠬᠡᠮᠵᠢᠯᠳᠣ ᠡᠭᠡᠮᠥᠭ | ᠬᠠᠳᠠᠵᠤ᠂ ᠠᠷᠠᠴᠢᠯᠡᠨ ᠮᠠᠯᠵᠢᠬᠤ ᠪᠠᠶᠢᠳᠡᠯ ᠢ ᠮᠦᠷᠳᠡᠨ ᠳᠠᠮᠳᠡᠭᠯᠡᠵᠣ ᠭᠡᠷᠡᠭᠯᠡᠭᠴᠢᠳ ᠲᠤ ᠪᠤᠬᠢᠷᠳᠤᠯ ᠦᠬᠡᠢ ᠨᠠᠷᠢᠨ | ᠨᠣᠣᠰᠣᠳᠣ ᠬᠤᠨᠢᠨ ᠤ ᠮᠢᠬ᠎ᠠ ᠬᠠᠩᠭᠠᠬᠤ ᠪᠠᠷ ᠮᠠᠯᠴᠢᠳ ᠤᠨ ᠣᠷᠣᠯᠭ᠎ᠠ ᠶᠢ ᠨᠠᠮᠡᠭᠳᠡᠬᠦᠯᠦᠭᠰᠡᠨ ᠬᠤᠣᠰ ᠠᠰᠢᠭ ᠢ | ᠡᠬᠦᠳᠴᠣ ᠬᠦᠳᠡᠭᠡ ᠳᠣᠰᠬᠤᠨ ᠢᠶᠠᠨ ᠬᠦᠭᠵᠢᠬᠦᠯᠣᠨ ᠮᠠᠨᠳᠣᠭᠤᠯᠬᠤ ᠳᠠᠭᠤᠷᠢᠶᠠᠯ ᠭᠠᠴᠠᠭ᠎ᠠ ᠶᠢ ᠡᠬᠦᠳᠣᠨ | ᠪᠠᠶᠢᠭᠤᠯᠬᠤ ᠪᠠᠷ ᠭᠦᠴᠦᠯᠡᠵᠤ ᠪᠤᠢ᠃ |