ᠰᠢᠮ᠎ᠠ ᠳᠠᠵᠢᠬᠡᠯᠳᠣ ᠬᠤᠯᠤᠤᠪᠠᠩ ᠨᠢ ᠮᠠᠯᠴᠢᠳ ᠤᠨ ᠤᠷᠤᠯᠭ᠎ᠠ ᠶᠢ ᠨᠡᠮᠡᠭᠳᠡᠬᠦᠯᠤᠯ᠎ᠠ
ᠨᠡᠶᠢᠲᠡᠯᠡᠭᠰᠡᠨ ᠴᠠᠭ᠄
2019-11-07
     ᠠᠯᠳᠠᠨ ᠨᠠᠮᠣᠷ ᠤᠨ ᠡᠯᠪᠡᠭ ᠬᠤᠷᠢᠶᠠᠯᠳᠠ ᠶᠢᠨ ᠣᠯᠡᠷᠢᠯ ᠰᠢᠪᠳᠣᠷᠭᠠᠨ ᠳᠤ ᠪᠠᠨ ᠣᠷᠣᠵᠣ ᠪᠠᠶᠢᠭ᠎ᠠ ᠴᠠᠭ ᠮᠦᠴᠡ ᠳᠤ ᠳᠤᠭ ᠪᠠᠯᠭᠠᠰᠣᠨ ᠳᠤ ᠰᠠᠭᠤᠷᠢᠰᠢᠭᠰᠠᠨ ᠵᠢᠣᠢ ᠯᠢ ︽ᠳᠠᠷᠢᠶᠠᠯᠠᠩ ᠤᠨ ᠶᠠᠷᠣᠩᠬᠡᠶᠢᠯᠡᠭᠰᠡᠨ ᠴᠣᠭᠴᠠ︾  ᠶᠢᠨ ᠳᠠᠷᠢᠵᠣ ᠳᠠᠵᠢᠬᠡᠬᠦ ᠳᠣᠰᠬᠠᠢ ᠬᠤᠷᠰᠢᠶᠠᠵᠢᠯ ᠤᠨ ᠬᠢᠨ ᠪᠦᠬᠦ ᠪᠠᠯᠭᠠᠰᠣᠨ ᠤ 10 ᠭᠠᠴᠠᠭ᠎ᠠ ᠳᠣᠰᠬᠤᠨ ᠤ ᠳᠠᠵᠢᠬᠡᠪᠣᠷᠢ ᠶᠢᠨ ᠳᠣᠮᠣ ᠡᠷᠣᠬᠡ ᠪᠣᠯᠣᠨ ᠶᠠᠳᠠᠭᠤ ᠡᠷᠣᠬᠡ ᠳᠤ ᠰᠢᠮ᠎ᠠ ᠳᠠᠵᠢᠬᠡᠯᠳᠣ ᠬᠤᠯᠤᠤᠪᠠᠩ ᠬᠦᠷᠭᠡᠵᠣ ᠮᠠᠯᠴᠢᠨ ᠳᠠᠷᠢᠶᠠᠴᠢᠳ ᠤᠨ ᠣᠷᠣᠯᠭ᠎ᠠ ᠶᠢ ᠨᠡᠮᠡᠭᠳᠡᠬᠦᠯᠣᠨ ᠬᠦᠳᠡᠭᠡ ᠳᠣᠰᠬᠤᠨ ᠢ ᠬᠦᠭᠵᠢᠬᠦᠯᠣᠨ ᠮᠠᠨᠳᠣᠭᠤᠯᠬᠤ ᠳᠤ ᠳᠣᠰᠠᠯᠠᠯ᠎ᠠ᠃      ᠳᠤᠭ ᠪᠠᠯᠭᠠᠰᠤᠨ ᠤ ᠮᠠᠶᠢᠷᠠᠨᠰᠦ᠋ᠮ᠎ᠡ ᠭᠠᠴᠠᠭᠠᠨ ᠤ ᠮᠠᠯᠴᠢᠨ ᠪᠠᠳᠠᠷᠡᠯᠳᠣ ᠪᠤᠯ ᠶᠠᠳᠠᠭᠤ ᠠᠴᠠ ᠠᠩᠬᠢᠵᠢᠷᠠᠭᠰᠠᠨ ᠡᠷᠦᠬᠡ ᠶᠤᠮ᠃ ᠲᠡᠷᠡ ᠶᠠᠳᠠᠭᠤ ᠠᠴᠠ ᠪᠠᠨ ᠠᠩᠬᠢᠵᠢᠷᠠᠭᠰᠠᠨ ᠦᠷ᠎ᠡ ᠪᠦᠳᠦᠬᠡᠯ ᠢᠶᠠᠨ ᠤᠯᠠᠮ ᠪᠠᠳᠤᠳᠬᠠᠬᠤ ᠪᠠᠷ 50 ᠭᠠᠷᠣᠢ ᠦᠬᠡᠷ ᠳᠡᠵᠢᠬᠡᠨ ᠮᠠᠯᠵᠢᠵᠣ ᠪᠠᠶᠢᠳᠠᠭ᠃ ᠳᠤᠭ ᠪᠠᠯᠭᠠᠰᠣᠨ ᠤ ᠳᠠᠷᠢᠶᠠᠯᠠᠩ ᠤᠨ ᠶᠠᠷᠣᠩᠬᠡᠶᠢᠯᠡᠭᠰᠡᠨ ᠴᠣᠭᠴᠡ ᠶᠢᠨ ᠳᠠᠷᠢᠵᠣ ᠳᠠᠵᠢᠬᠡᠬᠦ ᠳᠣᠰᠬᠠᠢ ᠬᠤᠷᠰᠢᠶᠠᠵᠢᠯ ᠠᠴᠠ ᠲᠡᠬᠦᠨ ᠳᠤ 2 ᠮᠣ᠋ ᠭᠠᠵᠠᠷ ᠤᠨ 1600 ᠭᠠᠷᠣᠢ ᠵᠢᠩ ᠰᠢᠮ᠎ᠠ ᠳᠠᠵᠢᠬᠡᠯᠳᠣ ᠬᠤᠯᠤᠤᠪᠠᠩ ᠬᠤᠪᠢᠶᠠᠵᠤ ᠦᠭᠬᠦᠭᠰᠡᠨ ᠢᠶᠠᠷ ᠡᠨᠡ ᠬᠤᠶᠠᠷ ᠡᠳᠦᠷ ᠬᠤᠯᠤᠤᠪᠠᠩ ᠢᠶᠠᠨ ᠮᠠᠯᠳᠠᠭᠠᠳ ᠶᠠᠭᠠᠷᠠᠨ᠎ᠠ᠃ ᠦᠬᠡᠷ ᠢᠶᠠᠨ ᠪᠤᠷᠳᠤᠨ ᠲᠠᠷᠭᠤᠯᠠᠭᠤᠯᠵᠤ ᠤᠷᠤᠯᠭ᠎ᠠ ᠪᠠᠨ ᠨᠡᠮᠡᠭᠳᠡᠬᠦᠯᠬᠦ ᠳᠤ ᠡᠳᠡᠬᠡᠷ ᠬᠤᠯᠤᠤᠪᠠᠩ ᠶᠡᠬᠡᠬᠡᠨ ᠲᠤᠰᠠ ᠪᠤᠯᠬᠤ ᠪᠤᠯᠤᠨ᠎ᠠ᠃      ᠳᠤᠭ ᠪᠠᠯᠭᠠᠰᠣᠨ ᠤ ᠳᠣᠭᠤᠯᠳᠠᠢ ᠭᠠᠴᠠᠭᠠᠨ ᠳᠤ ᠪᠠᠶᠢᠭ᠎ᠠ ᠵᠢᠣᠢ ᠯᠢ ᠳᠠᠷᠢᠶᠠᠯᠠᠩ ᠤᠨ ᠶᠠᠷᠣᠩᠬᠡᠶᠢᠯᠡᠭᠰᠡᠨ ᠴᠣᠭᠴᠡ ᠶᠢᠨ ᠳᠠᠷᠢᠵᠣ ᠳᠠᠵᠢᠬᠡᠬᠦ ᠳᠣᠰᠬᠠᠢ ᠬᠤᠷᠰᠢᠶᠠᠵᠢᠯ ᠡᠨ᠋ᠨ ᠵᠢᠯ ᠤᠨ ᠲᠠᠷᠢᠭᠰᠠᠨ 600 ᠮᠣ᠋ ᠶᠢᠨ ᠦᠨᠳᠣᠷ ᠰᠢᠮ᠎ᠠ ᠳᠠᠵᠢᠬᠡᠯᠳᠣ ᠬᠤᠯᠤᠤᠪᠠᠩ   ᠠᠴᠠ ᠪᠠᠨ 100 ᠮᠣ᠋ ᠶᠢ ᠨᠢ ᠪᠦᠬᠦ ᠪᠠᠯᠭᠠᠰᠣᠨ ᠤ 10 ᠭᠠᠴᠠᠭ᠎ᠠ ᠳᠣᠰᠬᠤᠨ ᠤ ᠳᠠᠵᠢᠬᠡᠪᠣᠷᠢ ᠶᠢᠨ ᠳᠣᠮᠣ ᠡᠷᠣᠬᠡ ᠪᠣᠯᠣᠨ ᠶᠠᠳᠠᠭᠤ ᠬᠦᠴᠢᠷᠳᠡᠯᠳᠡᠢ ᠡᠷᠣᠬᠡ ᠳᠤ ᠦᠨ᠎ᠡ ᠳᠦᠯᠣᠪᠣᠷᠢ ᠦᠬᠡᠢ ᠪᠠᠷ ᠬᠤᠪᠢᠶᠠᠨ ᠦᠭᠴᠦ 80 ᠲᠦᠮᠡ ᠭᠠᠷᠤᠢ ᠵᠢᠩ ᠪᠠᠶᠢᠵᠤ ᠲᠡᠵᠢᠬᠡᠪᠤᠷᠢ ᠶᠢᠨ ᠦᠢᠯᠡᠰ ᠲᠠᠬᠢ ᠪᠤᠷᠳᠤᠭᠠᠨ ᠤ ᠠᠰᠠᠭᠤᠳᠠᠯ ᠢ ᠰᠢᠢᠳᠪᠤᠷᠢᠯᠠᠵᠤ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠬᠦ ᠳᠤ ᠳᠣᠰᠠ ᠳᠡᠮᠵᠢᠯᠬᠡ ᠦᠵᠡᠬᠦᠯᠦᠭᠰᠡᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号