︽ᠲᠤᠰ ᠦᠢᠯᠡᠳᠪᠤᠷᠢ ᠶᠢ 300 ᠲᠦᠮᠡᠨ ᠲᠦᠬᠦᠷᠢᠭ ᠤᠨ ᠪᠡᠯᠡ ᠤᠷᠤᠭᠤᠯᠤᠨ ᠪᠠᠶᠢᠭᠤᠯᠵᠤ᠂ ᠡᠨᠡ | ᠵᠢᠯ ᠤᠨ 7 ᠰᠠᠷ᠎ᠠ ᠠᠴᠠ ᠲᠤᠷᠰᠢᠨ ᠠᠵᠢᠯᠯᠠᠭᠤᠯᠤᠭᠠᠳ 200 ᠭᠠᠷᠤᠢ ᠲᠤᠨ ᠤ ᠲᠦᠯᠠᠰᠢᠨ ᠤ ᠮᠠᠲ᠋ᠧᠷᠢᠶᠠᠯ | ᠦᠢᠯᠡᠳᠪᠤᠷᠢᠯᠡᠵᠤ ᠪᠠᠶᠢᠨ᠎ᠠ᠃ ᠦᠢᠯᠡᠳᠪᠤᠷᠢ ᠶᠢ ᠪᠠᠶᠢᠭᠤᠯᠤᠭᠰᠠᠨ ᠠᠰᠢᠭ ᠲᠤᠰᠠ ᠨᠢ ᠤᠯᠠᠨ ᠲᠠᠯ᠎ᠠ ᠪᠠᠷ ᠢᠯᠡᠷᠡᠵᠤ | ᠪᠠᠶᠢᠨ᠎ᠠ︾ ᠬᠡᠭᠰᠡᠭᠡᠷ ᠤᠯᠠᠭᠠᠨ ᠰᠢᠪᠠᠷᠳᠠᠢ ᠲᠤᠰᠬᠤᠨ ᠤ ᠨᠠᠮ ᠤᠨ ᠡᠭᠦᠷ ᠤᠨ ᠱᠦᠵᠢ ᠯᠢᠦ ᠡᠯ ᠹᠸᠢ ᠪᠢᠳᠠᠨ ᠳᠤ | ᠲᠤᠰᠬᠤᠨ ᠤ ᠪᠠᠨ ᠮᠦᠬᠦᠯᠢᠭ ᠬᠡᠯᠪᠡᠷᠢ ᠶᠢᠨ ᠠᠮᠢᠳᠤ ᠪᠤᠳᠠᠰ ᠤᠨ ᠲᠦᠯᠡᠰᠢᠨ ᠤ ᠮᠠᠲ᠋ᠧᠷᠢᠶᠠᠯ ᠦᠢᠯᠡᠳᠪᠦᠷᠢᠯᠡᠳᠡᠭ | ᠦᠢᠯᠡᠳᠪᠤᠷᠢ ᠪᠠᠨ ᠲᠠᠨᠢᠯᠴᠠᠭᠤᠯᠤᠭᠰᠠᠨ ᠶᠤᠮ᠃ | ᠨᠢᠭᠡ ᠳᠤ᠂ ᠨᠡᠬᠦᠷᠡᠰᠦ ᠶᠢ ᠤᠷᠤᠯᠠᠵᠦ ᠤᠳᠤᠭ᠎ᠠ ᠦᠭᠡᠢ ᠠᠷᠢᠭᠤᠨ ᠴᠠᠪᠠᠷ᠂ ᠠᠮᠤᠷ ᠲᠦᠪᠰᠢᠨ ᠲᠦᠯᠡᠰᠢ | ᠬᠠᠨᠭ᠍ᠭᠠᠬᠤ ᠪᠤᠯᠪᠠ᠄ ᠡᠨᠡ ᠲᠦᠯᠡᠰᠢᠨ ᠤ ᠢᠯᠴᠢ ᠢᠯᠭᠠᠷᠠᠭᠤᠯᠬᠤ ᠬᠡᠮᠵᠢᠶ᠎ᠠ ᠨᠢ 4000 — 4700 | MJ/kg ᠳᠤ ᠬᠦᠷᠴᠤ᠂ ᠡᠩ ᠤᠨ ᠨᠡᠬᠦᠷᠡᠰᠦᠨ ᠠᠴᠠ ᠪᠠᠰᠠ ᠢᠯᠴᠢ ᠲᠠᠢ᠂ ᠴᠤᠯ ᠪᠤᠷᠭᠠᠰᠤ ᠪᠠᠷ ᠲᠦᠭᠦᠭᠡᠢ | ᠮᠠᠲ᠋ᠧᠷᠢᠶᠠᠯ ᠪᠤᠯᠭᠠᠳᠠᠭ ᠪᠤᠯᠬᠤᠷ ᠬᠤᠤᠷᠲᠤ ᠬᠡᠢ ᠢᠯᠭᠠᠷᠠᠭᠤᠯᠳᠠᠭ ᠦᠭᠡᠢ᠂ ᠤᠲᠤᠭ᠎ᠠ ᠦᠭᠡᠢ ᠵᠡᠷᠭᠡ ᠰᠠᠶᠢᠨ | ᠲᠠᠯ᠎ᠠ ᠲᠠᠢ᠃ ᠦᠨᠡᠰᠦ ᠶᠢ ᠨᠢ ᠪᠠᠰᠠ ᠪᠤᠷᠳᠤᠭᠤᠷ ᠪᠤᠯᠭᠠᠨ ᠠᠰᠢᠬᠯᠠᠵᠦ ᠪᠤᠯᠤᠨ᠎ᠠ᠂ ᠡᠶᠢᠨᠬᠦ ᠦᠨᠡᠰᠦ ᠬᠤᠭ᠂ ᠠᠭᠠᠷ | ᠮᠠᠨᠳᠠᠯ ᠤᠨ ᠪᠤᠬᠢᠷᠳᠤᠯ ᠢ ᠪᠠᠭᠠᠰᠬᠠᠵᠤ ᠴᠢᠳᠠᠨ᠎ᠠ᠃ | ᠬᠤᠶᠠᠷ ᠲᠤ᠂ ᠮᠠᠯᠴᠢᠨ ᠲᠠᠷᠢᠶᠠᠴᠢᠳ ᠤᠨ ᠪᠤᠷᠭᠠᠰᠤ ᠪᠠᠨ ᠬᠠᠳᠤᠬᠤ ᠶᠢ ᠤᠷᠮᠠᠰᠢᠭᠤᠯᠵᠤ ᠠᠮᠢ ᠠᠬᠤᠢ ᠶᠢ | ᠰᠠᠶᠢᠵᠢᠷᠠᠭᠤᠯᠵᠤ ᠪᠠᠶᠢᠨ᠎ᠠ᠄ ᠦᠤᠰᠢᠨ ᠬᠤᠰᠢᠭᠤᠨ ᠤ ᠲᠤᠭ ᠪᠠᠯᠭᠠᠰᠤᠨ ᠤ ᠤᠯᠠᠭᠠᠨ ᠰᠢᠪᠠᠷᠳᠠᠢ ᠲᠤᠰᠬᠤᠨ 18 | ᠲᠦᠮᠡᠨ ᠮᠦ ᠨᠤᠳᠤᠭ ᠲᠠᠪᠢᠰᠭᠡᠷ ᠲᠠᠢ᠂ 95% ᠨᠢ ᠪᠤᠷᠭᠠᠰᠤᠨ ᠳᠤ ᠬᠤᠴᠢᠭᠳᠠᠵᠤ ᠪᠠᠶᠢᠳᠠᠭ᠃ ᠪᠤᠷᠭᠠᠰᠤ ᠶᠢ | 3 — 5 ᠵᠢᠯ ᠳᠤ ᠨᠢᠭᠡ ᠤᠳᠠᠭ᠎ᠠ ᠬᠠᠳᠤᠬᠤ ᠦᠭᠡᠢ ᠪᠤᠯ ᠦᠬᠢᠷᠡᠵᠤ ᠬᠤᠪᠠᠭ᠋ᠠᠶᠢᠷᠠᠭᠠᠳ ᠪᠡᠯᠴᠢᠬᠡᠷ ᠨᠤᠲᠤᠭ ᠤᠨ | ᠤᠷᠭᠤᠴᠠ ᠮᠠᠭᠤᠳᠠᠳᠠᠭ ᠠᠵᠢ᠃ ᠡᠶᠢᠨ ᠬᠦ ᠵᠠᠰᠠᠭ ᠤᠨ ᠤᠷᠳᠤᠨ ᠠᠴᠠ ᠮᠠᠯᠴᠢᠨ ᠲᠠᠷᠢᠶᠠᠴᠢᠳ ᠲᠤ ᠨᠢᠬᠡ ᠮᠦ | ᠭᠠᠵᠠᠷ ᠤᠨ ᠪᠤᠷᠭᠠᠰᠤ ᠬᠠᠳᠤᠪᠠᠯ 100 ᠲᠦᠬᠦᠷᠢᠭ ᠤᠨ ᠨᠦᠬᠦᠪᠦᠷᠢ ᠦᠭᠴᠤ᠂ ᠡᠨᠡ ᠨᠢᠭᠡ ᠮᠦ ᠭᠠᠵᠠᠷ ᠤᠨ ᠢᠶᠠᠨ | 1 \3 ᠳᠤᠨᠢ ᠪᠤᠷᠭᠠᠰᠤ ᠨᠦᠬᠦᠵᠦ ᠲᠠᠷᠢᠪᠠᠯ 90 ᠲᠦᠬᠦᠷᠢᠭ ᠤᠨ ᠨᠦᠬᠦᠪᠦᠷᠢ ᠨᠠᠮᠠᠵᠦ ᠦᠭᠳᠡᠭ᠃ ᠤᠳᠤ ᠡᠨᠡ | ᠦᠢᠯᠡᠳᠪᠤᠷᠢ ᠪᠠᠶᠢᠭᠤᠯᠤᠭᠳᠠᠭᠰᠠᠨ ᠢᠶᠠᠷ ᠬᠦᠮᠦᠰ ᠬᠠᠳᠤᠭᠰᠠᠨ ᠪᠤᠷᠭᠠᠰᠤ ᠪᠠᠨ ᠠᠳᠡ ᠠᠪᠴᠢᠷᠡᠵᠦ ᠬᠤᠳᠠᠯᠳᠤᠭᠠᠳ | ᠪᠤᠷᠭᠠᠰᠤ ᠪᠠᠨ ᠬᠠᠳᠤᠬᠤ ᠨᠢ ᠤᠯᠠᠮ ᠢᠳᠡᠪᠬᠢᠳᠡᠢ ᠪᠤᠯᠵᠦ ᠪᠠᠶᠢᠨ᠎ᠠ᠃ | ᠭᠤᠷᠪᠠ ᠳᠤ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠵᠦ ᠪᠠᠶᠢᠨ᠎ᠠ᠄ ᠲᠤᠰ ᠦᠢᠯᠡᠳᠪᠤᠷᠢ | ᠮᠠᠯᠴᠢᠨ ᠲᠠᠷᠢᠶᠠᠴᠢᠳ ᠤᠨ ᠬᠠᠳᠤᠵᠤ ᠠᠪᠴᠢᠷᠠᠭᠰᠠᠨ ᠪᠤᠷᠭᠠᠰᠤ ᠶᠢ ᠲᠤᠨ ᠪᠦᠷᠢ ᠳᠡᠭᠡᠨ 160 — 180 | ᠲᠦᠬᠦᠷᠢᠭ ᠢᠶᠠᠷ ᠬᠤᠷᠢᠶᠠᠨ ᠠᠪᠳᠠᠭ ᠪᠦᠭᠡᠳ ᠶᠠᠳᠠᠭᠤ ᠬᠦᠴᠢᠷᠳᠡᠯᠳᠡᠢ ᠡᠷᠦᠭᠡ ᠳᠤ ᠢᠯᠡᠬᠦᠦ 20 ᠲᠦᠭᠦᠷᠢᠭ | ᠨᠠᠮᠠᠵᠤ ᠪᠤᠳᠤᠳᠠᠭ ᠢᠶᠠᠷ ᠪᠠᠷᠠᠬᠤ ᠦᠭᠡᠢ᠂ ᠦᠢᠯᠡᠳᠪᠦᠷᠢ ᠳᠡᠭᠡᠨ ᠲᠤᠰᠬᠤᠨ ᠤ ᠪᠠᠨ ᠶᠠᠳᠠᠭᠤ ᠬᠦᠴᠢᠷᠳᠡᠯᠲᠡᠢ | ᠡᠷᠦᠬᠡ ᠶᠢᠨ ᠠᠵᠢᠯ ᠳᠠᠭᠠᠨ ᠰᠠᠶᠢᠨ 2 ᠬᠦᠮᠦᠨ ᠢ ᠰᠠᠷ᠎ᠠ ᠶᠢᠨ ᠴᠠᠯᠢᠩ 5000 ᠲᠦᠬᠦᠷᠢᠭ ᠢᠶᠠᠷ ᠠᠵᠢᠯᠯᠠᠭᠤᠯᠵᠠᠢ᠃ | ᠡᠭᠦᠨ ᠠᠴᠠ ᠭᠠᠳᠠᠨ᠎ᠠ᠂ ᠦᠢᠯᠡᠳᠪᠦᠷᠢᠯᠡᠵᠤ ᠭᠠᠷᠭᠠᠭᠰᠠᠨ ᠲᠦᠯᠡᠰᠢ ᠪᠠᠨ ᠭᠠᠳᠠᠨ᠎ᠠ ᠭᠠᠵᠠᠷ ᠲᠤ 850 | ᠲᠦᠭᠦᠷᠢᠭ ᠢᠶᠠᠷ ᠪᠤᠷᠤᠯᠠᠭᠤᠯᠳᠠᠭ ᠪᠤᠯ ᠤᠢᠢᠷ᠎ᠠ ᠬᠠᠪᠢ ᠶᠢᠨ ᠮᠠᠯᠴᠢᠨ ᠲᠠᠷᠢᠶᠠᠴᠢᠳ ᠲᠠᠭᠠᠨ 800 ᠲᠦᠭᠦᠷᠢᠭ ᠢᠶᠠᠷ | ᠪᠤᠷᠤᠯᠠᠭᠤᠯᠵᠤ᠂ ᠬᠡᠷᠪᠡ ᠲᠠᠳᠠᠨ ᠳᠤ ᠪᠡᠯᠡᠨ ᠵᠤᠭᠤᠰ ᠪᠠᠶᠢᠬᠤ ᠦᠭᠡᠢ ᠪᠤᠯ ᠬᠠᠳᠤᠵᠤ ᠠᠪᠴᠢᠷᠠᠭᠰᠠᠨ | ᠪᠤᠷᠭᠠᠰᠤ ᠪᠠᠷ ᠨᠢ ᠰᠤᠯᠢᠳᠠᠭ ᠠᠵᠢ᠃ | | | | | | | | ᠮᠦᠬᠦᠯᠢᠭ ᠬᠡᠯᠪᠡᠷᠢ ᠶᠢᠨ ᠠᠮᠢᠳᠤ ᠪᠤᠳᠠᠰ ᠤᠨ ᠲᠦᠯᠡᠰᠢ | | | | | ᠯᠢᠣ ᠱᠦᠵᠢ ᠰᠣᠷᠪᠣᠯᠵᠢᠯᠠᠭ᠎ᠠ ᠬᠦᠯᠢᠶᠡᠨ᠎ᠡ | | ᠯᠢᠦ ᠱᠦᠵᠢ ᠶᠢᠨ ᠲᠠᠨᠢᠯᠴᠠᠭᠤᠯᠤᠭᠰᠠᠨ ᠢᠶᠠᠷ᠂ ᠲᠤᠰ ᠦᠢᠯᠡᠳᠪᠤᠷᠢ ᠶᠢ ᠪᠠᠶᠢᠭᠤᠯᠬᠤ ᠶᠢᠨ ᠲᠤᠰᠠᠳᠠ ᠲᠠᠳᠠ | ᠤᠢᠢᠷ᠎ᠠ ᠬᠠᠪᠢ ᠶᠢᠨ ᠬᠤᠰᠢᠭᠤ ᠨᠤᠭᠤᠳ ᠢᠶᠠᠷ ᠪᠠᠶᠢᠭᠤᠯᠤᠭᠰᠠᠨ ᠠᠳᠠᠯᠢᠪᠲᠤᠷ ᠦᠢᠯᠡᠳᠪᠤᠷᠢ ᠳᠤ ᠤᠴᠢᠵᠤ | ᠦᠵᠡᠭᠰᠡᠨ ᠪᠦᠭᠡᠳ ᠱᠠᠨᠳᠦ᠋ᠩ᠂ ᠵᠧᠵᠢᠶᠠᠩ ᠵᠡᠷᠭᠡ ᠭᠠᠵᠠᠷ ᠢᠶᠠᠷ ᠤᠴᠢᠵᠦ ᠲᠤᠨᠤᠭ ᠲᠦᠭᠦᠭᠡᠷᠦᠮᠵᠢ ᠰᠤᠩᠭᠤᠭᠰᠠᠨ | ᠪᠠᠶᠢᠨ᠎ᠠ᠃ ᠡᠭᠦᠨ ᠳᠤ ᠬᠠᠪᠰᠤᠷᠤᠨ ᠲᠡᠳᠬᠦᠬᠦ ᠪᠠᠶᠢᠭᠤᠯᠭ᠎ᠠ ᠨᠢᠭᠡᠴᠢ ᠠᠴᠠ ᠪᠠᠨ 100 ᠭᠠᠷᠤᠢ ᠲᠦᠮᠠᠨ | ᠲᠦᠭᠦᠷᠢᠭ ᠤᠨ ᠲᠡᠮᠵᠢᠯᠭᠡ ᠬᠦᠷᠳᠡᠵᠠᠢ᠃ ︽ᠡᠶᠢᠮᠦ ᠲᠦᠯᠡᠰᠢ ᠶᠢ ᠮᠦᠬᠦᠯᠢᠭᠵᠢᠬᠦᠯᠦᠭᠰᠡᠨ ᠪᠤᠯᠬᠤᠷ ᠲᠡᠭᠡᠭᠡᠪᠤᠷᠢᠯᠡᠵᠦ | ᠵᠦᠭᠡᠭᠡᠬᠦ ᠳᠤ ᠲᠦᠭᠦᠮ᠂ ᠬᠡᠳᠦ ᠲᠡᠯᠭᠡᠬᠦᠷ ᠲᠤ ᠲᠠᠯᠪᠢᠭᠠᠳ ᠬᠤᠳᠠᠯᠳᠤᠵᠦ ᠪᠠᠶᠢᠬᠤ ᠨᠢ ᠴᠤ ᠪᠤᠢ᠃ ᠲᠠᠬᠢᠪᠠᠯ ᠡᠶᠢᠮᠦ | ᠲᠦᠯᠡᠰᠢ ᠶᠢ ᠬᠡᠷᠡᠭᠯᠡᠬᠦ ᠳᠤ ᠲᠦᠭᠦᠮ᠄ ᠲᠤᠰᠬᠠᠢ ᠵᠤᠤᠬ᠎ᠠ ᠲᠠᠢ᠂ 4000 ᠲᠦᠭᠦᠷᠢᠭ ᠤᠷᠴᠢᠮ ᠤᠨ ᠨᠢᠭᠡ | ᠵᠦᠢᠯ ᠤᠨ ᠰᠠᠶᠢᠨ ᠵᠤᠤᠬ᠎ᠠ ᠨᠢ ᠪᠦᠷ ᠤᠶᠤᠨᠴᠢ ᠪᠠᠷ ᠡᠵᠡᠮᠳᠡᠳᠡᠭ ᠪᠠᠶᠢᠵᠦ ᠦᠪᠠᠷ ᠢᠶᠠᠨ ᠤᠨᠳᠠᠷᠠᠵᠦ᠂ ᠠᠰᠠᠵᠦ | ᠴᠢᠳᠠᠨ᠎ᠠ᠂ ᠰᠢᠳᠠᠬᠤ ᠬᠤᠷᠳᠤᠴᠠ ᠪᠠᠨ ᠴᠤ ᠲᠤᠬᠢᠷᠠᠭᠤᠯᠵᠤ ᠴᠢᠳᠠᠳᠠᠭ᠃ ᠤᠳᠤᠬᠠᠨ ᠤ ᠪᠠᠶᠢᠳᠠᠯ ᠠᠴᠠ ᠦᠵᠡᠪᠡᠯ | ᠲᠤᠨ ᠪᠦᠷᠢ ᠠᠴᠠ ᠪᠢᠳᠠ 200 ᠲᠦᠭᠦᠷᠢᠭ ᠤᠨ ᠴᠠᠪᠠᠷ ᠤᠷᠤᠯᠭ᠎ᠠ ᠤᠯᠵᠤ ᠴᠢᠳᠠᠵᠤ ᠪᠠᠶᠢᠨ᠎ᠠ︾ ᠬᠡᠵᠦ ᠯᠢᠦ | ᠱᠦᠵᠢ ᠦᠢᠯᠡᠳᠪᠤᠷᠢ ᠶᠢᠨ ᠢᠶᠠᠨ ᠤᠷᠤᠯᠭ᠎ᠠ ᠪᠠᠨ ᠲᠠᠨᠢᠯᠴᠠᠭᠤᠯᠤᠭᠰᠠᠨ ᠶᠤᠮ᠃ | | |