ᠮᠠᠨ ᠤ ᠬᠤᠰᠢᠭᠤ ︽ᠤᠭ ᠰᠠᠨᠠᠭ᠎ᠠ ᠪᠠᠨ ᠦᠯᠦ ᠮᠠᠷᠲᠠᠵᠤ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ | ︾ ᠭᠤᠤᠯ ᠰᠡᠳᠦᠪᠲᠦ ᠬᠥᠮᠦᠵᠢᠯ ᠢᠶᠠᠷ ᠲᠣᠬᠢᠶᠠᠯ ᠪᠣᠯᠭᠠᠨ ᠬᠦᠳᠡᠭᠡ ᠳᠣᠰᠬᠤᠨ ᠤ ᠮᠠᠯᠴᠢᠨ ᠳᠠᠷᠢᠶᠠᠴᠢᠳ ᠤᠨ | ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠶᠢᠨ ᠬᠠᠮᠳᠣ ᠵᠣᠷᠯᠣᠩ ᠪᠠᠷᠢᠵᠣ ᠣᠷᠴᠢᠨ | ᠳᠣᠭᠤᠷᠢᠨ ᠢ ᠨᠡᠩ ᠴᠡᠪᠡᠷ ᠠᠷᠢᠭᠤᠨ ᠪᠣᠯᠭᠠᠵᠣ ᠮᠠᠯᠴᠢᠨ ᠳᠡᠷᠢᠶᠠᠴᠢᠳ ᠲᠤ ᠪᠣᠳᠡᠳᠡᠢ ᠠᠰᠢᠭ ᠬᠦᠷᠳᠡᠭᠡᠨ | ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠢ ᠴᠣᠭᠴᠠᠯᠠᠨ ᠪᠠᠶᠢᠭᠤᠯᠵᠣ ᠪᠠᠶᠢᠨ᠎ᠠ᠃ | ᠤᠯᠠᠭᠠᠨᠲᠤᠯᠤᠭᠠᠢ ᠪᠠᠯᠭᠠᠰᠤᠨ ᠤ ᠪᠠᠶᠠᠠᠭᠤᠤᠯ ᠭᠠᠴᠠᠭᠠᠨ ᠤ ᠣᠷᠴᠢᠨ ᠳᠣᠭᠤᠷᠢᠨ ᠤ ᠬᠤᠭ ᠨᠣᠪᠰᠢ ᠶᠢ | ᠵᠦᠬᠡᠬᠡᠪᠦᠷᠢᠯᠡᠬᠦ ᠮᠠᠰᠢᠨ ᠳᠡᠷᠭᠡ ᠢ ᠵᠢᠯᠣᠭᠤᠳᠴᠣ ᠪᠠᠶᠢᠭ᠎ᠠ ᠮᠠᠯᠴᠢᠨ ᠴᠠᠭᠠᠨᠳᠠᠯᠠᠢ ᠡᠳᠦᠷ ᠪᠣᠯᠭᠠᠨ ᠪᠦᠬᠦ ᠭᠠᠴᠭᠠᠠᠨ ᠤ | ᠡᠯ᠎ᠡ ᠭᠠᠵᠠᠷ ᠪᠡᠶᠢᠷᠢᠯᠠᠭᠤᠯᠣᠨ ᠳᠡᠯᠪᠢᠭ᠌ᠰᠠᠨ 26 ᠲᠣᠭᠲᠠᠮᠠᠯ ᠬᠤᠭ ᠤᠨ ᠬᠠᠶᠢᠷᠴᠠᠭ ᠤᠨ ᠬᠤᠭ ᠢ | ᠠᠦ᠋ᠲ᠋ᠦᠴᠢᠯᠠᠭᠰᠠᠨ ᠰᠢᠨ᠎ᠠ ᠮᠡᠶ᠋ᠢᠭ᠋ ᠤᠨ ᠵᠦᠬᠡᠬᠡᠪᠣᠷᠢᠯᠡᠬᠦ ᠳᠡᠷᠭᠡ ᠪᠠᠷ ᠴᠡᠪᠡᠷᠯᠡᠨ ᠵᠦᠬᠡᠬᠡᠪᠣᠷᠢᠯᠡᠵᠣ ᠬᠤᠭ ᠨᠣᠪᠰᠢ | ᠰᠢᠢᠳᠪᠣᠷᠢᠯᠡᠬᠦ ᠭᠠᠵᠠᠷ ᠬᠦᠷᠬᠡᠨ ᠲᠦᠷᠦᠯ ᠬᠤᠪᠢᠶᠠᠨ ᠰᠢᠢᠳᠪᠣᠷᠢᠯᠡᠳᠡᠭ ᠪᠠᠶᠢᠨ᠎ᠠ᠃ | ᠪᠠᠶᠠᠠᠭᠤᠤᠯ ᠭᠠᠴᠠᠭᠠᠨ ᠤ ᠬᠤᠭ ᠨᠣᠪᠰᠢ ᠶᠢ ᠰᠢᠢᠳᠪᠣᠷᠢᠯᠡᠬᠦ ᠮᠠᠰᠢᠨ ᠲᠠᠢ ᠠᠳᠠᠯᠢ ᠪᠠᠷ ᠣᠳᠣ ᠮᠠᠨ ᠤ | ᠬᠤᠰᠢᠭᠤᠨ ᠤ ᠡᠯ᠎ᠡ ᠰᠣᠮᠣ ᠪᠠᠯᠭᠠᠰᠣ᠂ ᠭᠠᠴᠠᠭ᠎ᠠ ᠳᠣᠰᠬᠤᠨ ᠳᠤ ᠡᠶᠢᠮᠣᠷᠬᠦ ᠬᠤᠭ ᠨᠣᠪᠰᠢ ᠵᠦᠬᠡᠬᠡᠪᠣᠷᠢᠯᠡᠬᠦ ᠰᠢᠨ᠎ᠡ | ᠮᠠᠶ᠋ᠢᠭ ᠤᠨ ᠮᠠᠰᠢᠨ ᠭᠠᠵᠠᠷ ᠪᠣᠯᠭᠠᠨ ᠦᠵᠡᠭᠳᠡᠬᠦ ᠪᠣᠯᠵᠣ ᠪᠦᠬᠦ ᠬᠤᠰᠢᠭᠤ ᠪᠠᠷ ᠢᠶᠠᠨ ᠬᠤᠭ ᠨᠣᠪᠰᠢ ᠶᠢ ᠬᠤᠷᠢᠶᠠᠨ | ᠴᠣᠭᠯᠠᠭᠤᠯᠣᠨ ᠰᠢᠢᠳᠪᠣᠷᠢᠯᠡᠵᠣ ᠪᠠᠶᠢᠨ᠎ᠠ᠃ | ᠭᠠᠯᠠᠭᠤᠳᠣ ᠪᠠᠯᠭᠠᠰᠣᠨ ᠤ ᠮᠤᠳᠤᠨᠴᠠᠶᠢᠳᠠᠮ ᠲᠣᠰᠬᠤᠨ ᠨᠢᠳᠣᠨᠣᠨ ᠠᠴᠠ ᠡᠬᠢᠯᠡᠨ ᠦᠵᠡᠰᠬᠦᠯᠡᠩᠲᠦ ᠰᠠᠶᠢᠬᠠᠨ | ᠬᠥᠳᠡᠭᠡ ᠲᠣᠰᠬᠤᠨ ᠤ ᠣᠷᠣᠰᠢᠨ ᠰᠠᠭᠤᠷᠢᠰᠢᠬᠤ ᠣᠷᠴᠢᠨ ᠳᠣᠭᠤᠷᠢᠨ ᠢ ᠴᠡᠭᠴᠡᠯᠡᠨ ᠵᠠᠰᠠᠵᠦ᠂ ᠪᠥᠬᠦ | ᠲᠣᠰᠬᠤᠨ ᠳᠤ 40 ᠭᠠᠷᠣᠢ ᠴᠡᠪᠡᠷ ᠴᠡᠮᠴᠡᠬᠡᠷ ᠡᠷᠣᠬᠡ ᠶᠢ ᠰᠢᠯᠭᠠᠷᠠᠭᠤᠯᠣᠨ ᠵᠢᠯ ᠪᠦᠷᠢ 5 ᠲᠦᠮᠡᠨ ᠲᠦᠬᠦᠷᠢᠭ ᠤᠨ | ᠪᠡᠯᠡ ᠮᠦᠡᠭᠬᠦ ᠭᠠᠷᠭᠠᠨ ᠬᠦᠭᠢᠬᠦᠯᠣᠨ ᠱᠠᠩᠨᠠᠳᠠᠭ ᠪᠠᠶᠢᠨ᠎ᠠ᠃ ᠣᠶᠢᠷ᠎ᠠ ᠳᠤ ᠪᠠᠰᠠ ᠳᠣᠰ ᠳᠣᠰᠬᠤᠨ ᠤ ᠬᠤᠭ | ᠨᠣᠪᠰᠢ ᠰᠢᠢᠳᠪᠣᠷᠢᠯᠡᠬᠦ ᠦᠢᠯᠡᠳᠪᠦᠷᠢ ᠠᠰᠢᠭᠯᠠᠯᠲᠠ ᠳᠤ ᠤᠷᠤᠵᠤ ᠮᠤᠳᠤᠨᠴᠠᠶᠢᠳᠠᠮ᠂ ᠪᠠᠶᠠᠠᠴᠠᠶᠢᠳᠠᠮ᠂ ᠰᠡᠪᠬᠦᠯ | ᠵᠡᠷᠭᠡ ᠣᠶᠢᠷ᠎ᠠ ᠣᠷᠴᠢᠨ ᠤ ᠭᠤᠷᠪᠡᠨ ᠭᠠᠴᠠᠭ᠎ᠠ ᠳᠣᠰᠬᠤᠨ ᠤ 1000 ᠭᠠᠷᠤᠶ ᠮᠠᠯᠴᠢᠨ ᠲᠠᠷᠢᠶᠠᠴᠢᠨ ᠡᠷᠦᠬᠡ ᠶᠢᠨ | ᠬᠤᠭ ᠨᠣᠪᠰᠢ ᠶᠢ ᠰᠢᠢᠳᠪᠣᠷᠢᠯᠡᠬᠦ ᠪᠣᠯᠵᠣ ᠬᠤᠭ ᠨᠣᠪᠰᠢ ᠶᠢ ᠰᠢᠢᠳᠪᠣᠷᠢᠯᠡᠬᠦ ᠭᠦᠴᠢᠷ ᠠᠰᠠᠭᠤᠳᠠᠯ ᠢ | ᠲᠦᠢᠯᠪᠤᠷᠢᠲᠠᠶ ᠰᠢᠢᠳᠪᠣᠷᠢᠯᠡᠭᠰᠡᠨ ᠪᠠᠶᠢᠨ᠎ᠠ᠃ | ᠮᠠᠨ ᠤ ᠬᠤᠰᠢᠭᠤ ᠬᠤᠶᠠᠳᠤᠭᠠᠷ ᠪᠦᠯᠦᠭ ︽ᠤᠭ ᠰᠠᠨᠠᠭ᠎ᠠ ᠪᠠᠨ ᠦᠯᠦ ᠮᠠᠷᠲᠠᠵᠤ ᠡᠭᠦᠷᠭᠡ | ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ ᠭᠤᠤᠯ ᠰᠡᠳᠦᠪᠲᠦ ᠬᠥᠮᠦᠵᠢᠯ ᠢ ᠥᠷᠨᠢᠭᠦᠯᠦᠭᠰᠡᠨ ᠠᠴᠠ ᠨᠠᠰᠢ ᠨᠠᠮ ᠤᠨ | ᠠᠷᠪᠠ ᠶᠢᠰᠦᠳᠦᠭᠡᠷ ᠶᠡᠭᠡ ᠬᠤᠷᠠᠯ ᠤᠨ ᠳᠣᠷᠠᠳᠣᠭᠰᠠᠨ ︽ ᠠᠵᠣ ᠣᠶᠢᠯᠡᠰ ᠨᠢ ᠬᠦᠭᠵᠢᠭᠰᠡᠨ᠂ ᠠᠮᠢ | ᠠᠬᠤᠶᠢᠵᠢᠭᠰᠠᠨ ᠣᠷᠣᠰᠢᠨ ᠰᠠᠭᠤᠷᠢᠰᠢᠬᠤ ᠳᠤ ᠳᠣᠬᠢᠳᠠᠢ᠂ ᠨᠤᠲᠤᠭ ᠣᠰᠤ ᠪᠣᠯᠪᠠᠰᠤᠨ᠂ ᠠᠵᠣ ᠠᠮᠢᠳᠤᠷᠠᠯ ᠨᠢ | ᠪᠠᠶᠠᠨ ᠴᠢᠨᠡᠭᠡᠯᠢᠭ︾ ᠪᠣᠯᠭᠠᠬᠤ ᠱᠠᠭᠠᠷᠳᠠᠯᠭ᠎ᠠ ᠶᠣᠰᠣᠭᠠᠷ ᠬᠦᠳᠡᠭᠡ ᠳᠣᠰᠬᠤᠨ ᠤ ᠣᠷᠴᠢᠨ ᠳᠣᠭᠤᠷᠢᠨ ᠢ ᠴᠡᠭᠴᠡᠯᠡᠨ | ᠵᠠᠰᠠᠬᠤ᠂ ᠬᠤᠭ ᠨᠣᠪᠰᠢ ᠪᠣᠯᠣᠨ ᠪᠣᠬᠢᠷ ᠤᠰᠤ ᠶᠢ ᠰᠢᠢᠳᠪᠣᠷᠢᠯᠡᠬᠦ᠂ ᠵᠣᠷᠯᠣᠩ ᠪᠠᠷᠢᠬᠤ ᠪᠠᠷᠢᠯᠭ᠎ᠠ ᠶᠢᠨ ᠲᠦᠷᠥᠯ | ᠵᠣᠶᠢᠯ ᠤᠨ ᠠᠬᠢᠴᠠ ᠶᠢ ᠳᠦᠷᠭᠡᠳᠬᠡᠬᠦ ᠵᠡᠷᠭᠡ ᠪᠣᠳᠡᠳᠡᠢ ᠠᠷᠭ᠎ᠠ ᠬᠡᠮᠵᠢᠶ᠎ᠠ ᠠᠪᠴᠣ ᠪᠦᠬᠦ ᠬᠤᠰᠢᠭᠤᠨ ᠳᠤ ᠬᠤᠭ | ᠨᠣᠪᠰᠢ ᠴᠡᠪᠡᠷᠯᠡᠬᠦ ᠠᠩᠭᠢ ᠶᠢ 42 ᠪᠠᠶᠢᠭᠤᠯᠵᠣ 388 ᠴᠡᠪᠡᠷᠯᠡᠭᠴᠢ ᠳᠣᠬᠢᠷᠠᠭᠤᠯᠣᠨ 285 ᠲᠦᠮᠡᠨ | ᠲᠦᠬᠦᠷᠢᠭ ᠤᠨ ᠵᠠᠷᠤᠳᠠᠯ ᠤᠨ ᠮᠦᠡᠭᠬᠦ ᠶᠢ ᠨᠠᠶᠢᠳᠠᠪᠤᠷᠢᠵᠢᠭᠤᠯᠤᠭᠰᠠᠨ ᠪᠠᠶᠢᠨ᠎ᠠ᠃ | |