ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ
ᠨᠡᠶᠢᠲᠡᠯᠡᠭᠰᠡᠨ ᠴᠠᠭ᠄
2019-12-16
     ᠨᠢᠭᠡ᠂ ᠤᠳᠤᠷᠢᠳᠬᠤ ᠪᠠᠭ      ᠬᠤᠷᠢᠶᠠᠯᠲᠤ ︵ᠲᠤᠪᠴᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ      ᠱᠧ ᠵᠢᠶᠦ᠋ᠨ ︵ᠲᠤᠪᠴᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ ᠭᠡᠰᠢᠬᠦᠨ᠂ ᠲᠣᠪᠴᠢᠶᠠᠨ ᠳᠡᠳ᠋ ᠳᠠᠷᠤᠭ᠎ᠠ︶      ᠬᠥ᠋ ᠽᠢ ᠳ᠋ᠦᠩ ︵ᠲᠤᠪᠴᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ ᠭᠡᠰᠢᠬᠦᠨ᠂ ᠲᠣᠪᠴᠢᠶᠠᠨ ᠳᠡᠳ᠋ ᠳᠠᠷᠤᠭ᠎ᠠ︶      ᠭᠤᠤ ᠵᠢᠶᠠᠨ ᠸᠧᠨ ︵ᠲᠤᠪᠴᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ ᠭᠡᠰᠢᠬᠦᠨ︶      ᠴᠧᠨ ᠵᠢᠶᠠᠨ ᠴᠢᠩ ︵ᠵᠢᠩᠬᠢᠨᠢ ᠰᠠᠯᠠᠭᠠᠨ ᠲᠡᠰ ᠤᠨ ᠤᠳᠤᠷᠢᠳᠬᠤ ᠲᠤᠰᠢᠶᠠᠯ ᠤᠨ ᠬᠠᠷᠠᠭᠠᠯᠵᠠᠯ ᠲᠠᠢ︶      ᠮᠠᠨᠳᠤᠯ᠎ᠠ ︵ᠳᠡᠳ᠋ ᠰᠠᠯᠠᠭᠠᠨ ᠲᠡᠰ ᠤᠨ ᠤᠳᠤᠷᠢᠳᠬᠤ ᠲᠤᠰᠢᠶᠠᠯ ᠤᠨ ᠬᠠᠷᠠᠭᠠᠯᠵᠠᠯ ᠲᠠᠢ︶      ᠨᠢᠦ ᠳ᠋ᠦᠩ ᠢ ︵ᠵᠠᠮ ᠬᠠᠷᠢᠯᠴᠠᠭ᠎ᠠ ᠲᠡᠭᠡᠭᠡᠪᠦᠷᠢ ᠶᠢᠨ ᠶᠡᠷᠦᠩᠭᠡᠶᠢᠯᠡᠭᠰᠡᠨ ᠬᠠᠦᠯᠢ ᠬᠡᠷᠡᠭᠵᠢᠬᠦᠯᠬᠦ ᠲᠤᠪᠴᠢᠶᠠᠨ  ᠤ ᠲᠤᠪᠴᠢᠶᠠᠨ ᠳᠠᠷᠤᠭ᠎ᠠ︶      ᠬᠤᠶᠠᠷ᠂ ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠤᠪᠴᠢᠶᠠᠨ ᠤ ᠡᠭᠦᠷᠭᠡ ᠴᠢᠳᠠᠪᠤᠷᠢ ᠶᠢᠨ ᠲᠣᠬᠢᠷᠠᠭᠤᠯᠤᠯᠲᠠ᠂ ᠳᠣᠲᠣᠭᠠᠳᠤ ᠪᠠᠶᠢᠭᠤᠯᠤᠮᠵᠢ ᠪᠠ ᠠᠵᠢᠯᠲᠠᠨ ᠤ ᠣᠷᠣᠨ ᠲᠤᠭ᠎ᠠ ᠶᠢᠨ ᠲᠣᠭᠲᠠᠭᠠᠯ        ᠨᠢᠭᠡᠳᠦᠭᠡᠷ ᠵᠤᠷᠪᠤᠰ  ᠣᠷᠳᠣᠰ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠥᠪᠰᠢᠶᠡᠷᠡᠭᠰᠡᠨ ︽ᠦᠤᠰᠢᠨ ᠬᠤᠰᠢᠭᠤᠨ ᠤ ᠪᠠᠶᠢᠭᠤᠯᠤᠮᠵᠢ ᠶᠢᠨ ᠥᠭᠡᠷᠡᠴᠢᠯᠡᠯᠲᠡ ᠶᠢᠨ ᠲᠥᠰᠦᠯ︾ ᠪᠣᠯᠤᠨ ᠦᠤᠰᠢᠨ ᠬᠤᠰᠢᠭᠤᠨ ᠤ ᠳᠠᠷᠤᠮᠠᠯᠯᠠᠨ ᠲᠠᠷᠬᠠᠭᠠᠭᠰᠠᠨ ︽ᠦᠤᠰᠢᠨ ᠬᠤᠰᠢᠭᠤᠨ ᠤ ᠪᠠᠶᠢᠭᠤᠯᠤᠮᠵᠢ ᠶᠢᠨ ᠥᠭᠡᠷᠡᠴᠢᠯᠡᠯᠲᠡ ᠶᠢᠨ ᠬᠡᠷᠡᠭᠵᠢᠭᠦᠯᠬᠦ ᠰᠠᠨᠠᠯ︾ ᠢ ᠦᠨᠳᠦᠰᠦᠯᠡᠨ ᠲᠤᠰ ᠲᠣᠭᠲᠠᠭᠠᠯ ᠢ ᠲᠣᠭᠲᠠᠭᠠᠪᠠ᠃      ᠬᠤᠶᠠᠳᠤᠭᠠᠷ ᠵᠤᠷᠪᠤᠰ  ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠪᠣᠯ ᠦᠤᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠵᠢᠯᠯᠠᠬᠤ ᠰᠠᠯᠠᠭ᠎ᠠ ᠮᠥᠴᠢᠷ ᠪᠠᠶᠢᠵᠤ ᠵᠢᠩᠬᠢᠨᠢ ᠰᠠᠯᠠᠭᠠᠨ ᠳᠡᠰ ᠪᠣᠯᠤᠨ᠎ᠠ᠃      ᠭᠤᠷᠪᠠᠳᠤᠭᠠᠷ ᠵᠤᠷᠪᠤᠰ  ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠵᠠᠮ ᠬᠠᠷᠢᠯᠴᠠᠭ᠎ᠠ ᠲᠡᠭᠡᠭᠡᠪᠦᠷᠢ ᠶᠢᠨ ᠠᠵᠢᠯ ᠤᠨ ᠲᠤᠬᠠᠢ ᠨᠠᠮ ᠤᠨ ᠲᠥᠪ ᠬᠤᠷᠢᠶᠠᠨ ᠤ ᠴᠢᠭᠯᠡᠯᠲᠡ ᠲᠥᠷᠥ ᠶᠢᠨ ᠪᠣᠳᠣᠯᠭ᠎ᠠ ᠶᠢ ᠲᠤᠭᠤᠰᠢᠯᠠᠭᠤᠯᠤᠨ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶ᠎ᠠ ᠪᠣᠯᠤᠨ ᠬᠤᠰᠢᠭᠤ ᠨᠠᠮ ᠤᠨ ᠬᠤᠷᠢᠶᠠᠨ ᠤ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ  ᠨᠠᠶᠢᠳᠠᠪᠤᠷᠢᠵᠢᠭᠤᠯᠵᠤ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠶᠠᠪᠤᠴᠠ ᠳᠤ ᠵᠠᠮ ᠬᠠᠷᠢᠯᠴᠠᠭ᠎ᠠ ᠲᠡᠭᠡᠭᠡᠪᠦᠷᠢ ᠶᠢᠨ ᠠᠵᠢᠯ ᠳᠠᠬᠢ ᠨᠠᠮ ᠤᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠶᠢ ᠪᠠᠷᠢᠮᠲᠠᠯᠠᠬᠤ ᠪᠠ ᠴᠢᠩᠭᠠᠳᠬᠠᠨ᠎ᠠ᠃ ᠭᠤᠣᠯ ᠡᠭᠦᠷᠭᠡ ᠬᠠᠷᠢᠭᠤᠴᠠᠯᠭ᠎ᠠ ᠪᠤᠯ᠄      ︵ᠨᠢᠭᠡ︶ ᠤᠯᠤᠰ ᠤᠨ ᠬᠠᠤᠯᠢ ᠴᠠᠭᠠᠵᠠ ᠬᠠᠤᠯᠢ ᠲᠦᠷᠢᠮ ᠪᠣᠯᠤᠨ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠴᠢᠨᠠᠷᠲᠠᠶ ᠬᠠᠤᠯᠢ ᠳᠦᠷᠢᠮ ᠲᠣᠭᠲᠠᠭᠠᠯ ᠢ ᠲᠤᠭᠤᠰᠢᠯᠠᠭᠤᠯᠤᠨ ᠬᠡᠷᠡᠭᠵᠢᠭᠦᠯᠵᠦ᠂ ᠪᠦᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠬᠥᠭᠵᠢᠯᠲᠡ ᠶᠢᠨ ᠲᠦᠯᠦᠪᠵᠢᠬᠦᠯᠭᠡ᠂ ᠲᠥᠰᠦᠯ᠂ ᠬᠡᠷᠡᠭᠵᠢᠭᠦᠯᠬᠦ ᠠᠷᠭ᠎ᠠ ᠵᠡᠷᠭᠡ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢ ᠲᠤᠭᠤᠷᠪᠢᠨ ᠲᠤᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠬᠦ ᠪᠠ ᠤᠬᠠᠭᠤᠯᠬᠤ ᠠᠵᠢᠯ ᠢ ᠬᠠᠷᠢᠭᠤᠴᠠᠨ᠎ᠠ᠃ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠶᠡᠷᠦᠩᠬᠡᠶᠢᠯᠡᠭᠰᠡᠨ ᠵᠠᠮ ᠬᠠᠷᠢᠯᠴᠠᠭ᠎ᠠ ᠲᠡᠭᠡᠭᠡᠪᠦᠷᠢ ᠶᠢᠨ ᠬᠥᠭᠵᠢᠯᠲᠡ ᠶᠢᠨ ᠲᠥᠯᠥᠪᠵᠢᠭᠦᠯᠭᠡ ᠶᠢ ᠲᠤᠭᠤᠷᠪᠢᠨ ᠲᠣᠭᠲᠠᠭᠠᠵᠤ᠂ ᠪᠠᠷᠠᠭᠠᠨ ᠬᠦᠢᠯᠭᠡᠭᠡᠨ ᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢ ᠲᠤᠭᠤᠷᠪᠢᠨ ᠲᠣᠭᠲᠠᠭᠠᠬᠤ ᠳᠤ ᠣᠷᠣᠯᠴᠠᠨ᠎ᠠ᠃ ᠬᠠᠮᠢᠶ᠎ᠠ ᠪᠦᠬᠦᠢ ᠲᠤᠭ᠎ᠠ ᠪᠦᠷᠢᠳᠬᠡᠯ ᠤᠨ ᠵᠠᠳᠠᠯᠤᠯᠲᠠ ᠶᠢᠨ ᠠᠵᠢᠯ ᠢ ᠡᠭᠦᠷᠭᠡᠯᠡᠨ᠎ᠡ᠃      ︵ᠬᠤᠶᠠᠷ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠬᠢᠨᠠᠨ ᠬᠠᠮᠢᠶᠠᠷᠤᠨ᠎ᠠ᠃ ᠬᠠᠮᠢᠶ᠎ᠠ ᠪᠦᠬᠦᠢ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ᠂ ᠪᠡᠯᠡ ᠮᠥᠩᠭᠦ ᠵᠢᠴᠢ ᠡᠳ᠋ ᠤᠨ ᠵᠠᠰᠠᠭ᠂ ᠭᠠᠵᠠᠷ ᠰᠢᠷᠣᠶ᠂ ᠦᠨ᠎ᠡ ᠬᠠᠩᠰᠢ᠂ ᠪᠡᠯᠡ ᠮᠦᠩᠭᠦ ᠴᠤᠭᠯᠠᠭᠤᠯᠬᠤ ᠵᠡᠷᠭᠡ ᠲᠠᠯ᠎ᠠ ᠳᠤ ᠬᠤᠯᠪᠣᠭᠳᠠᠬᠤ ᠪᠤᠰᠤᠳ ᠰᠠᠨᠠᠭᠤᠯᠭ᠎ᠠ ᠶᠢ ᠳᠤᠷᠠᠳᠴᠤ᠂ ᠬᠠᠮᠢᠶ᠎ᠠ ᠪᠦᠬᠦᠢ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ ᠢ ᠬᠢᠨᠠᠨ ᠬᠠᠷᠭᠤᠭᠤᠯᠵᠤ᠂ ᠵᠠᠰᠠᠭ ᠤᠨ ᠣᠷᠳᠣᠨ ᠤ ᠴᠢᠨᠠᠷᠲᠠᠶ ᠥᠷᠢ ᠥᠭᠴᠡᠭᠡ ᠶᠢᠨ ᠲᠦᠭᠰᠢᠭᠦᠷᠢ ᠶᠢ ᠰᠡᠷᠭᠡᠶᠢᠯᠡᠨ᠎ᠡ᠃ ᠵᠠᠮ ᠬᠠᠷᠢᠯᠴᠠᠭ᠎ᠠ ᠲᠡᠭᠡᠭᠡᠪᠦᠷᠢ ᠶᠢᠨ ᠠᠵᠢᠯ ᠲᠥᠷᠥᠯ ᠤᠨ ᠮᠡᠷᠭᠡᠵᠢᠯ ᠤᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃      ︵ᠭᠤᠷᠪᠠ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠬᠠᠮᠢᠶᠠᠷᠤᠯᠲᠠ ᠬᠠᠮᠠᠭᠠᠯᠠᠯᠲᠠ ᠶᠢᠨ ᠠᠵᠢᠯ ᠢ ᠬᠢᠨᠠᠵᠤ ᠬᠠᠮᠢᠶᠠᠷᠤᠨ᠎ᠠ᠃ ᠬᠢᠵᠠᠭᠠᠷᠯᠠᠯ ᠠᠴᠠ ᠬᠡᠲᠦᠷᠡᠭᠰᠡᠨ ᠲᠡᠭᠡᠭᠡᠪᠦᠷᠢ᠂ ᠵᠠᠮ ᠳᠤ ᠬᠤᠯᠪᠣᠭᠳᠠᠬᠤ ᠪᠠᠷᠢᠯᠭ᠎ᠠ ᠪᠣᠯᠤᠨ ᠰᠦᠢᠳᠬᠡᠯ ᠬᠤᠷᠢᠶᠠᠬᠤ ᠵᠠᠰᠠᠮᠠᠯ ᠵᠠᠮ ᠤᠨ ᠬᠠᠮᠢᠶ᠎ᠠ ᠪᠦᠬᠦᠢ ᠵᠦᠢᠯ ᠢ ᠬᠠᠮᠢᠶᠠᠷᠴᠤ᠂ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ᠂ ᠵᠠᠮ ᠤᠨ ᠶᠠᠪᠤᠳᠠᠯ᠂ ᠡᠵᠡᠩᠨᠡᠯᠲᠡ ᠶᠢᠨ ᠦᠢᠯᠡᠴᠢᠯᠡᠭᠡ ᠵᠡᠷᠭᠡ ᠠᠵᠢᠯ ᠢ ᠵᠢᠯᠤᠭᠤᠳᠤᠨ᠎ᠠ᠃ ᠵᠠᠰᠠᠮᠠᠯ ᠵᠠᠮ ᠢ ᠨᠢᠭᠡᠳᠦᠯᠲᠡᠢ ᠲᠥᠯᠥᠪᠯᠡᠨ ᠲᠣᠬᠢᠷᠠᠭᠤᠯᠬᠤ᠂ ᠵᠠᠮ ᠤᠨ ᠲᠣᠣᠷ ᠰᠦᠯᠵᠢᠶ᠎ᠡ ᠶᠢ ᠬᠢᠨᠠᠨ ᠬᠡᠮᠵᠢᠬᠦ ᠠᠵᠢᠯ ᠢ ᠡᠭᠦᠷᠭᠡᠯᠡᠨ᠎ᠡ᠃ ᠬᠥᠳᠡᠭᠡ ᠲᠣᠰᠬᠤᠨ ᠤ ᠵᠠᠰᠠᠮᠠᠯ ᠵᠠᠮ ᠤᠨ ᠬᠠᠮᠢᠶ᠎ᠠ ᠪᠦᠬᠦᠢ ᠠᠵᠢᠯ ᠢ ᠳᠠᠭᠠᠭᠠᠨ ᠡᠷᠬᠢᠯᠡᠨ᠎ᠡ᠃      ︵ᠲᠦᠷᠪᠡ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠵᠠᠬ᠎ᠠ ᠳᠡᠯᠭᠡᠭᠦᠷ ᠤᠨ ᠬᠠᠮᠢᠶᠠᠷᠤᠯᠲᠠ ᠶᠢᠨ ᠠᠵᠢᠯ ᠢ ᠬᠢᠨᠠᠨ ᠬᠠᠮᠢᠶᠠᠷᠤᠨ᠎ᠠ᠃ ᠲᠣᠭᠲᠠᠭᠠᠭᠰᠠᠨ ᠡᠷᠬᠡ ᠮᠡᠳᠡᠯ ᠤᠨ ᠬᠡᠪᠴᠢᠶᠠᠨ  ᠳᠤ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠵᠢᠷᠤᠭ ᠲᠥᠯᠥᠪᠯᠡᠭᠡ ᠶᠢ ᠬᠢᠨᠠᠨ ᠵᠥᠪᠰᠢᠶᠡᠷᠡᠬᠦ᠂ ᠪᠠᠷᠢᠯᠭ᠎ᠠ ᠪᠠᠷᠢᠬᠤ ᠶᠢ ᠵᠥᠪᠰᠢᠶᠡᠷᠡᠬᠦ᠂ ᠦᠨ᠎ᠡ ᠶᠢ ᠲᠣᠭᠲᠠᠭᠠᠬᠤ᠂ ᠳᠠᠭᠠᠭᠠᠴᠢᠯᠠᠯᠲᠠ ᠵᠠᠷᠯᠠᠵᠤ ᠬᠦᠯᠢᠶᠡᠬᠦ᠂ ᠠᠵᠢᠯ ᠡᠷᠬᠢᠯᠡᠬᠦ ᠬᠢᠷᠢ ᠬᠡᠮ᠂ ᠶᠠᠰᠤ ᠴᠢᠨᠠᠷ ᠤᠨ ᠬᠢᠨᠠᠯᠲᠠ᠂ ᠪᠠᠷᠢᠯᠭ᠎ᠠ ᠳᠠᠭᠤᠰᠴᠤ ᠰᠢᠯᠭᠠᠨ ᠠᠪᠬᠤ ᠵᠡᠷᠭᠡ ᠬᠢᠨᠠᠯᠲᠠ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃      ︵ᠲᠠᠪᠤ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠲᠡᠭᠡᠭᠡᠪᠦᠷᠢ ᠶᠢᠨ ᠵᠠᠬ᠎ᠠ ᠳᠡᠯᠭᠡᠭᠦᠷ ᠤᠨ ᠬᠠᠮᠢᠶᠠᠷᠤᠯᠲᠠ ᠶᠢᠨ ᠠᠵᠢᠯ ᠢ ᠬᠢᠨᠠᠨ ᠬᠠᠮᠢᠶᠠᠷᠤᠨ᠎ᠠ᠃ ᠬᠤᠰᠢᠭᠤ ᠠᠯᠤᠰᠯᠠᠭᠰᠠᠨ ᠣᠷᠣᠨ ᠤ ᠵᠠᠮ ᠤᠨ ᠠᠶᠠᠨᠴᠢᠳ ᠤᠨ ᠲᠡᠭᠡᠭᠡᠪᠦᠷᠢ᠂ ᠠᠭᠠᠷ ᠠᠶᠠᠯᠠᠯ ᠤᠨ ᠠᠭᠠᠷ ᠢᠶᠠᠷ ᠨᠡᠪᠲᠡᠷᠡᠬᠦ ᠨᠥᠬᠦᠴᠡᠯ ᠤᠨ ᠨᠥᠯᠥᠭᠡᠯᠡᠯ ᠢ ᠦᠨᠡᠯᠡᠨ ᠬᠠᠮᠢᠶᠠᠷᠬᠤ ᠶᠢ ᠬᠠᠷᠢᠭᠤᠴᠠᠨ᠎ᠠ᠃ ᠵᠠᠰᠠᠮᠠᠯ ᠵᠠᠮ ᠤᠰᠤᠨ ᠵᠠᠮ ᠤᠨ ᠠᠶᠠᠨᠴᠢᠳ ᠤᠨ ᠲᠡᠭᠡᠭᠡᠪᠦᠷᠢ᠂ ᠪᠠᠷᠠᠭᠠᠨ ᠤ ᠲᠡᠭᠡᠭᠡᠪᠦᠷᠢ᠂ ᠠᠶᠠᠨᠴᠢᠳ ᠤᠨ ᠪᠠᠷᠠᠭᠠᠨ ᠤ ᠲᠡᠭᠡᠭᠡᠪᠦᠷᠢ ᠶᠢᠨ ᠥᠷᠲᠡᠭᠡ ᠶᠢᠨ ᠡᠵᠡᠩᠨᠡᠯᠲᠡ᠂ ᠮᠠᠰᠢᠨ ᠬᠦᠳᠡᠯᠭᠡᠭᠦᠷᠲᠦ ᠲᠡᠷᠭᠡ ᠶᠢ ᠰᠡᠯᠪᠢᠨ ᠵᠠᠰᠠᠬᠤ᠂ ᠡᠵᠡᠩᠨᠡᠯᠲᠡ ᠶᠢᠨ ᠲᠡᠷᠭᠡᠨ ᠤ ᠶᠡᠷᠦᠩᠬᠡᠶᠢᠯᠡᠭᠰᠡᠨ ᠴᠢᠳᠠᠪᠤᠷᠢ ᠶᠢ ᠪᠠᠶᠢᠴᠠᠭᠠᠨ ᠬᠡᠮᠵᠢᠬᠦ᠂ ᠮᠠᠰᠢᠨ ᠬᠦᠳᠡᠯᠭᠡᠭᠦᠷᠲᠦ ᠲᠡᠷᠭᠡᠨ ᠤ ᠵᠢᠯᠣᠭᠤᠴᠢ ᠶᠢᠨ ᠪᠣᠯᠪᠠᠰᠤᠷᠠᠭᠤᠯᠤᠯ᠂ ᠠᠵᠢᠯᠯᠠᠭᠴᠢᠳ ᠤᠨ ᠬᠠᠮᠢᠶᠠᠷᠤᠯᠲᠠ ᠵᠡᠷᠭᠡ ᠠᠵᠢᠯ ᠢ ᠬᠢᠨᠠᠯᠲᠠ ᠲᠠᠯᠪᠢᠨ ᠵᠢᠯᠣᠭᠤᠳᠤᠨ᠎ᠠ᠃ ᠨᠡᠶᠢᠲᠡ ᠶᠢᠨ ᠮᠠᠰᠢᠨ ᠲᠡᠷᠭᠡ᠂ ᠲᠦᠷᠢᠶᠡᠰᠦᠨ ᠮᠠᠰᠢᠨ ᠲᠡᠷᠭᠡ᠂ ᠮᠠᠰᠢᠨ ᠲᠡᠷᠭᠡ ᠲᠦᠷᠢᠶᠡᠰᠦᠯᠡᠬᠦ᠂ ᠰᠦᠯᠵᠢᠶᠡᠨ ᠳᠡᠭᠡᠷ᠎ᠡ ᠲᠡᠷᠭᠡ ᠪᠣᠯᠵᠣᠬᠤ ᠵᠡᠷᠭᠡ ᠬᠤᠲᠠ ᠶᠢᠨ ᠠᠶᠠᠨᠴᠢᠳ ᠤᠨ ᠲᠡᠭᠡᠭᠡᠪᠦᠷᠢ ᠶᠢᠨ ᠬᠠᠮᠢᠶᠠᠷᠤᠯᠲᠠ ᠶᠢ ᠵᠢᠯᠣᠭᠤᠳᠤᠨ᠎ᠠ᠃ ᠠᠭᠠᠷ ᠠᠶᠠᠯᠠᠯ ᠤᠨ ᠵᠠᠮ᠂ ᠣᠯᠣᠮ᠂ ᠭᠠᠷᠠᠮ ᠤᠨ ᠠᠷᠠᠴᠢᠯᠠᠯᠲᠠ ᠶᠢ ᠵᠢᠯᠣᠭᠤᠳᠴᠤ ᠣᠩᠭᠤᠴᠠ ᠶᠢ ᠳᠠᠩᠰᠠᠯᠠᠬᠤ᠂ ᠰᠢᠯᠭᠠᠨ ᠪᠠᠶᠢᠴᠠᠭᠠᠬᠤ ᠪᠠ ᠣᠩᠭᠤᠴᠠᠨ ᠤ ᠠᠵᠢᠯᠲᠠᠨ ᠤ ᠬᠠᠮᠢᠶᠠᠷᠤᠯᠲᠠ ᠶᠢ ᠵᠢᠯᠣᠭᠤᠳᠤᠨ᠎ᠠ᠃ ᠬᠤᠲᠠ ᠬᠥᠳᠡᠭᠡ ᠶᠢᠨ ᠠᠶᠠᠨᠴᠢᠳ ᠤᠨ ᠲᠡᠭᠡᠭᠡᠪᠦᠷᠢ ᠶᠢᠨ ᠡᠵᠡᠩᠨᠡᠯᠲᠡ ᠬᠠᠮᠢᠶᠠᠷᠤᠯᠲᠠ ᠶᠢ ᠵᠢᠯᠣᠭᠤᠳᠴᠤ᠂ ᠬᠤᠲᠠ ᠬᠥᠳᠡᠭᠡ ᠶᠢᠨ ᠠᠶᠠᠨᠴᠢᠳ ᠤᠨ ᠲᠡᠭᠡᠭᠡᠪᠦᠷᠢ ᠶᠢᠨ ᠬᠠᠮᠢᠶ᠎ᠠ ᠪᠦᠬᠦᠢ ᠲᠦᠬᠦᠭᠡᠷᠦᠮᠵᠢ ᠶᠢᠨ ᠲᠦᠯᠦᠪᠵᠢᠬᠦᠯᠭᠡ ᠪᠣᠯᠤᠨ ᠬᠠᠮᠢᠶᠠᠷᠤᠯᠲᠠ ᠶᠢᠨ ᠠᠵᠢᠯ ᠳᠤ ᠤᠷᠤᠯᠴᠠᠨ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ᠂ ᠳᠦᠷᠢᠮ ᠪᠣᠯᠤᠨ ᠪᠠᠷᠢᠮᠵᠢᠶ᠎ᠠ ᠶᠢ ᠵᠣᠬᠢᠶᠠᠨ ᠪᠠᠶᠢᠭᠤᠯᠤᠨ ᠲᠤᠭᠤᠷᠪᠢᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠬᠦᠯᠦᠨ᠎ᠡ᠃       ︵ᠵᠢᠷᠭᠤᠭ᠎ᠠ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠠᠵᠢᠯ ᠲᠥᠷᠥᠯ ᠤᠨ ᠠᠶᠤᠯᠬᠦᠢ ᠦᠢᠯᠡᠳᠪᠦᠷᠢᠯᠡᠯ ᠪᠠ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠤᠯᠲᠠ ᠶᠢᠨ ᠠᠵᠢᠯ ᠢ ᠬᠢᠨᠠᠨ ᠬᠠᠮᠢᠶᠠᠷᠤᠨ᠎ᠠ᠃ ᠵᠠᠰᠠᠮᠠᠯ ᠵᠠᠮ ᠤᠰᠤᠨ ᠵᠠᠮ ᠤᠨ ᠠᠶᠤᠯᠬᠦᠢ ᠦᠢᠯᠡᠳᠪᠦᠷᠢᠯᠡᠯ ᠤᠨ ᠬᠠᠮᠢᠶᠠᠷᠤᠯᠲᠠ ᠶᠢᠨ ᠳᠦᠷᠢᠮ ᠪᠣᠯᠤᠨ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠬᠡᠯ ᠲᠥᠰᠦᠯ ᠢ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠬᠦᠯᠦᠨ᠎ᠡ᠃ ᠬᠠᠮᠢᠶ᠎ᠠ ᠪᠦᠬᠦᠢ ᠵᠠᠮ ᠤᠨ ᠰᠦᠯᠵᠢᠶᠠᠨ ᠤ ᠠᠵᠢᠯᠯᠠᠭᠠᠨ ᠤ ᠪᠠᠶᠢᠳᠠᠯ ᠢ ᠬᠢᠨᠠᠨ ᠬᠡᠮᠵᠢᠵᠦ ᠵᠠᠳᠠᠯᠤᠨ ᠰᠢᠨᠵᠢᠯᠡᠵᠦ᠂ ᠬᠠᠮᠢᠶ᠎ᠠ ᠪᠦᠬᠦᠢ ᠮᠡᠳᠡᠭᠡ ᠵᠠᠩᠭᠢ ᠶᠢ ᠨᠡᠶᠢᠲᠡᠯᠡᠨ᠎ᠡ᠃ ᠤᠰᠤᠨ ᠳᠡᠭᠡᠷᠡᠬᠢ ᠵᠠᠮ ᠬᠠᠷᠢᠯᠴᠠᠭᠠᠨ ᠤ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠪᠦᠬᠦ ᠬᠤᠰᠢᠭᠤᠨ ᠤ ᠭᠤᠣᠯᠳᠠᠯᠭ᠎ᠠ ᠲᠠᠢ ᠡᠳ᠋ ᠪᠠᠷᠠᠭ᠎ᠠ᠂ ᠠᠶᠠᠨᠴᠢᠳ  ᠤᠨ ᠪᠠᠴᠢᠮ ᠪᠠᠷᠠᠭᠠᠨ ᠤ ᠲᠡᠭᠡᠭᠡᠪᠦᠷᠢ ᠶᠢ ᠲᠤᠬᠢᠷᠠᠭᠤᠯᠤᠨ ᠡᠵᠡᠮᠳᠡᠬᠦ ᠶᠢ ᠬᠠᠷᠢᠭᠤᠴᠠᠨ᠎ᠠ᠃      ︵ᠳᠣᠯᠤᠭ᠎ᠠ︶ ᠬᠤᠰᠢᠭᠤ ᠱᠠᠲᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠠᠵᠢᠯ ᠢ ᠬᠠᠷᠢᠭᠤᠴᠠᠵᠤ᠂ ᠲᠣᠭᠲᠠᠭᠠᠭᠰᠠᠨ ᠡᠷᠬᠡ ᠮᠡᠳᠡᠯ ᠤᠨ ᠬᠡᠪᠴᠢᠶᠠᠨ ᠳᠤ ᠪᠥᠬᠦ ᠬᠤᠰᠢᠭᠤᠨ ᠤ ᠴᠢᠨᠠᠷᠲᠠᠢ ᠵᠠᠰᠠᠮᠠᠯ ᠵᠠᠮ ᠤᠨ ᠶᠠᠪᠤᠳᠠᠯ᠂ ᠵᠠᠮ ᠲᠡᠭᠡᠭᠡᠪᠦᠷᠢ ᠶᠢᠨ ᠶᠠᠪᠤᠳᠠᠯ᠂ ᠤᠰᠤᠨ ᠵᠠᠮ ᠤᠨ ᠲᠡᠭᠡᠭᠡᠪᠦᠷᠢ ᠶᠢᠨ ᠶᠠᠪᠤᠳᠠᠯ᠂ ᠣᠷᠣᠨ ᠨᠤᠲᠤᠭ ᠤᠨ ᠳᠠᠯᠠᠢ ᠶᠢᠨ ᠶᠠᠪᠤᠳᠠᠯ ᠤᠨ ᠵᠠᠰᠠᠭ ᠵᠠᠬᠢᠷᠭ᠎ᠠ᠂ ᠪᠠᠷᠢᠯᠭ᠎ᠠ ᠶᠢᠨ ᠶᠠᠰᠤ ᠴᠢᠨᠠᠷ ᠤᠨ ᠬᠢᠨᠠᠯᠲᠠ ᠬᠠᠮᠢᠶᠠᠷᠤᠯᠲᠠ ᠵᠡᠷᠭᠡ ᠬᠦᠷᠢᠶᠡᠨ ᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠵᠦ᠂ ᠴᠢᠬᠤᠯᠠ ᠶᠡᠭᠡ ᠵᠠᠰᠠᠭ ᠵᠠᠬᠢᠷᠭᠠᠨ ᠤ ᠬᠡᠷᠡᠭ ᠢ ᠰᠢᠢᠳᠪᠦᠷᠢᠯᠡᠨ᠎ᠡ᠃ ᠰᠤᠮᠤ ᠪᠠᠯᠭᠠᠰᠤᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠠᠵᠢᠯ ᠢ ᠵᠢᠯᠣᠭᠤᠳᠤᠨ ᠬᠢᠨᠠᠵᠤ ᠬᠠᠮᠢᠶᠠᠷᠤᠨ᠎ᠠ᠃      ︵ᠨᠠᠢᠮᠠ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠠᠵᠢᠯ ᠲᠥᠷᠥᠯ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠡᠨᠧᠷᠭᠢ ᠠᠷᠪᠢᠯᠠᠬᠤ᠂ ᠪᠣᠬᠢᠷᠲᠤᠯ ᠢ ᠰᠡᠷᠭᠡᠶᠢᠯᠡᠨ ᠵᠠᠰᠠᠬᠤ ᠠᠵᠢᠯ ᠢ ᠬᠢᠨᠠᠨ ᠬᠠᠮᠢᠶᠠᠷᠤᠨ᠎ᠠ᠃      ︵ᠶᠢᠰᠦ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠠᠵᠢᠯ ᠲᠥᠷᠥᠯ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠦᠨ ᠳᠡᠯᠭᠡᠷᠡᠭᠦᠯᠬᠦ ᠶᠢ ᠵᠢᠯᠣᠭᠤᠳᠴᠤ᠂ ᠮᠡᠳᠡᠭᠡ ᠵᠠᠩᠭᠢᠴᠢᠯᠠᠯᠲᠠ᠂ ᠪᠠᠷᠢᠮᠵᠢᠶᠠᠵᠢᠭᠤᠯᠤᠯᠲᠠ ᠶᠢᠨ ᠠᠵᠢᠯ ᠢ ᠵᠢᠯᠣᠭᠤᠳᠤᠨ᠎ᠠ᠃     ︵ᠠᠷᠪᠠ︶ ᠪᠥᠬᠦ ᠬᠤᠰᠢᠭᠤᠨ ᠤ ᠵᠠᠰᠠᠮᠠᠯ ᠵᠠᠮ ᠤᠰᠤᠨ ᠵᠠᠮ ᠤᠨ ᠠᠵᠢᠯ ᠲᠥᠷᠥᠯ ᠤᠨ ᠥᠭᠡᠷᠡᠴᠢᠯᠡᠯᠲᠡ ᠶᠢᠨ ᠠᠵᠢᠯ ᠪᠠ ᠢᠲᠡᠭᠡᠮᠵᠢ ᠶᠢᠨ ᠰᠢᠰᠲ᠋ᠧᠮ ᠤᠨ ᠪᠠᠶᠢᠭᠤᠯᠤᠯᠲᠠ ᠶᠢ ᠵᠢᠯᠣᠭᠤᠳᠤᠨ᠎ᠠ᠃     ︵ᠠᠷᠪᠠᠨ ᠨᠢᠭᠡ︶ ᠵᠠᠮ ᠬᠠᠷᠢᠯᠴᠠᠭᠠᠨ ᠤ ᠪᠠᠶᠢᠯᠳᠤᠬᠤ ᠪᠤᠳᠤᠯᠭ᠎ᠠ ᠶᠢᠨ ᠲᠠᠯ᠎ᠠ ᠳᠠᠬᠢ ᠬᠠᠮᠢᠶ᠎ᠠ ᠪᠦᠬᠦᠢ ᠠᠵᠢᠯ ᠢ ᠬᠠᠷᠢᠭᠤᠴᠠᠨ᠎ᠠ᠃     ︵ᠠᠷᠪᠠᠨ ᠬᠤᠶᠠᠷ︶ ᠬᠤᠰᠢᠭᠤ ᠨᠠᠮ ᠤᠨ ᠬᠤᠷᠢᠶ᠎ᠠ᠂ ᠬᠤᠰᠢᠭᠤ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ ᠡᠭᠦᠷᠭᠡ ᠶᠢ ᠪᠡᠶᠡᠯᠡᠭᠦᠯᠦᠨ᠎ᠡ᠃     ︵ᠠᠷᠪᠠᠨ ᠭᠤᠷᠪᠠ︶ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃      ⒈ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠄ ᠬᠤᠰᠢᠭᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠬᠠᠶᠢᠨ ᠪᠠᠶᠢᠴᠠᠭᠠᠵᠤ ᠵᠢᠷᠤᠭᠯᠠᠨ ᠲᠥᠯᠥᠪᠯᠡᠬᠦ ᠶᠢ ᠬᠢᠨᠠᠨ ᠪᠠᠶᠢᠴᠠᠭᠠᠵᠤ ᠬᠢᠨᠠᠨ ᠵᠥᠪᠰᠢᠶᠡᠷᠡᠬᠦ ᠶᠢ ᠬᠠᠷᠢᠭᠤᠴᠠᠵᠤ᠂ ᠪᠠᠷᠢᠯᠭ᠎ᠠ ᠶᠢᠨ ᠶᠠᠪᠤᠭᠳᠠᠭᠤᠰᠢᠲᠠᠢ ᠰᠤᠳᠤᠯᠤᠯ ᠤᠨ ᠮᠡᠳᠡᠭᠦᠯᠦᠯᠲᠡ ᠶᠢᠨ ᠠᠵᠢᠯ ᠲᠥᠷᠥᠯ ᠤᠨ ᠬᠢᠨᠠᠨ ᠪᠠᠶᠢᠴᠠᠭᠠᠬᠤ ᠰᠠᠨᠠᠯ ᠢ ᠳᠤᠷᠠᠳᠤᠨ᠎ᠠ᠃ ᠬᠤᠰᠢᠭᠤ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠨᠢ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠲᠣᠭᠲᠠᠭᠠᠵᠤ ᠬᠢᠨᠠᠨ ᠵᠥᠪᠰᠢᠶᠡᠷᠡᠬᠦ ᠶᠢ ᠬᠠᠷᠢᠭᠤᠴᠠᠨ᠎ᠠ᠃      ⒉ᠤᠰᠤᠨ ᠳᠡᠭᠡᠷᠡᠬᠢ ᠵᠠᠮ ᠬᠠᠷᠢᠯᠴᠠᠭᠠᠨ ᠤ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢᠨ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠄ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠥᠴᠢᠷ ᠨᠢ ᠵᠢᠭᠠᠰᠤᠨ ᠭᠠᠷᠠᠮ ᠤᠨ ᠤᠰᠤᠨ ᠣᠷᠣᠨ ᠤ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠵᠤ᠂ ᠪᠡᠶ᠎ᠡ ᠲᠠᠮᠢᠷ ᠤᠨ ᠰᠠᠯᠠᠭ᠎ᠠ ᠮᠥᠴᠢᠷ ᠨᠢ ᠤᠷᠤᠯᠳᠤᠭᠠᠨ ᠳᠤ ᠣᠷᠣᠯᠴᠠᠭᠰᠠᠨ ᠪᠡᠶ᠎ᠡ ᠲᠠᠮᠢᠷ ᠤᠨ ᠬᠥᠳᠡᠯᠭᠡᠭᠡᠨ ᠤ ᠣᠩᠭᠤᠴᠠ ᠶᠢᠨ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠵᠤ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠰᠠᠯᠠᠭ᠎ᠠ ᠮᠥᠴᠢᠷ ᠨᠢ ᠪᠤᠰᠤᠳ ᠣᠩᠭᠤᠴᠠ ᠵᠢᠴᠢ ᠵᠦᠪᠰᠢᠶᠡᠷᠡᠯ ᠢᠶᠠᠷ ᠳᠠᠮᠵᠢᠨ ᠠᠶᠠᠨᠴᠢᠳ ᠤᠨ ᠲᠡᠭᠡᠭᠡᠪᠦᠷᠢ ᠡᠷᠬᠢᠯᠡᠵᠦ ᠪᠠᠶᠢᠭ᠎ᠠ ᠵᠢᠭᠠᠰᠤ ᠠᠩᠨᠠᠬᠤ ᠤᠩᠭᠤᠴᠠᠨ ᠤ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠪᠠ ᠠᠭᠠᠷ ᠢᠶᠠᠷ ᠨᠡᠪᠲᠡᠷᠡᠬᠦ ᠤᠰᠤᠨ ᠣᠷᠣᠨ ᠤ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠵᠤ᠂ ᠰᠤᠮᠤ ᠪᠠᠯᠭᠠᠰᠤᠨ ᠤ ᠲᠡᠭᠡᠭᠡᠪᠦᠷᠢ ᠶᠢᠨ ᠪᠤᠰᠤ ᠣᠩᠭᠤᠴᠠ ᠶᠢ ᠰᠤᠮᠤ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠠᠴᠠ ᠰᠢᠶᠠᠩ ᠪᠠᠯᠭᠠᠰᠤᠨ ᠤ ᠲᠡᠭᠡᠭᠡᠪᠦᠷᠢ ᠶᠢᠨ ᠤᠩᠭᠤᠴᠠᠨ ᠤ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢᠨ ᠬᠠᠮᠢᠶ᠎ᠠ ᠪᠦᠬᠦᠢ ᠲᠣᠭᠲᠠᠭᠠᠯ ᠢᠶᠠᠷ ᠯᠠᠪᠯᠠᠯᠲᠠ ᠪᠣᠯᠭᠠᠨ ᠬᠢᠨᠠᠨ ᠬᠠᠮᠢᠶᠠᠷᠬᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠬᠤᠲᠠ ᠶᠢᠨ ᠴᠡᠴᠡᠷᠯᠢᠭ ᠤᠨ ᠤᠰᠤᠨ ᠣᠷᠣᠨ ᠤ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢ ᠬᠤᠰᠢᠭᠤ ᠬᠤᠲᠠ ᠶᠢᠨ ᠴᠡᠴᠡᠷᠯᠢᠭ  ᠤᠨ ᠤᠰᠤᠨ ᠣᠷᠣᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠠᠴᠠ ᠬᠠᠷᠢᠭᠤᠴᠠᠨ᠎ᠠ᠃      ⒊ ᠭᠤᠤᠯ ᠤᠨ ᠵᠠᠮ ᠤᠨ ᠬᠠᠶᠢᠷ ᠡᠯᠡᠰᠦ ᠮᠠᠯᠲᠠᠬᠤ ᠬᠠᠮᠢᠶᠠᠷᠤᠯᠲᠠ ᠶᠢᠨ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠄ ᠬᠤᠰᠢᠭᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠭᠤᠤᠯ ᠤᠨ ᠵᠠᠮ ᠠᠴᠠ ᠬᠠᠶᠢᠷ ᠡᠯᠡᠰᠤ ᠮᠠᠯᠲᠠᠵᠤ ᠤᠰᠤᠨ ᠴᠥᠭᠦᠷᠥᠮ ᠤᠨ ᠠᠮᠤᠷ ᠲᠦᠪᠰᠢᠨ ᠢ ᠨᠥᠯᠥᠭᠡᠯᠡᠬᠦ ᠬᠠᠮᠢᠶᠠᠷᠤᠯᠲᠠ ᠶᠢ ᠬᠠᠷᠢᠭᠤᠴᠠᠨ᠎ᠠ᠃ ᠤᠰᠤᠨ ᠠᠰᠢᠭᠯᠠᠯᠲᠠ ᠶᠢᠨ ᠰᠠᠯᠠᠭ᠎ᠠ ᠮᠥᠴᠢᠷ ᠭᠤᠤᠯ ᠤᠨ ᠵᠠᠮ ᠠᠴᠠ ᠬᠠᠶᠢᠷ ᠡᠯᠡᠰᠦ ᠮᠠᠯᠲᠠᠬᠤ ᠠᠵᠢᠯ ᠢ ᠬᠢᠨᠠᠨ ᠬᠠᠮᠢᠶᠠᠷᠬᠤ ᠶᠢ ᠬᠠᠷᠢᠭᠤᠴᠠᠵᠤ᠂ ᠭᠤᠤᠯ ᠤᠨ ᠵᠠᠮ ᠠᠴᠠ ᠬᠠᠶᠢᠷ ᠡᠯᠡᠰᠦ ᠮᠠᠯᠲᠠᠬᠤ ᠲᠦᠯᠦᠪᠵᠢᠬᠦᠯᠭᠡ ᠪᠣᠯᠤᠨ ᠲᠥᠯᠥᠪᠯᠡᠭᠡ ᠶᠢ ᠨᠠᠶᠢᠷᠠᠭᠤᠯᠤᠨ ᠲᠤᠭᠲᠠᠭᠠᠬᠤ ᠶᠢ ᠵᠢᠯᠣᠭᠤᠳᠤᠨ᠎ᠠ᠃      ᠳᠥᠷᠪᠡᠳᠦᠭᠡᠷ ᠵᠤᠷᠪᠤᠰ  ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠳᠤ ᠳᠣᠣᠷᠠᠬᠢ ᠳᠣᠲᠣᠭᠠᠳᠤ ᠪᠠᠶᠢᠭᠤᠯᠤᠮᠵᠢ ᠶᠢ ᠳᠤᠬᠢᠷᠠᠭᠤᠯᠪᠠ᠄      ︵ᠨᠢᠭᠡ︶ ᠠᠯᠪᠠᠨ ᠭᠡᠷ      ᠪᠠᠶᠢᠭᠤᠯᠭ᠎ᠠ ᠶᠢᠨ ᠡᠳᠦᠷ ᠲᠤᠲᠤᠮ ᠤᠨ ᠠᠵᠢᠯᠯᠠᠭᠠᠨ ᠢ ᠬᠠᠷᠢᠭᠤᠴᠠᠵᠤ᠂ ᠶᠡᠷᠦᠩᠬᠡᠶᠢᠯᠡᠭᠰᠡᠨ ᠴᠢᠨᠠᠷᠲᠠᠶ ᠡᠬᠡ ᠪᠢᠴᠢᠭ ᠲᠤᠭᠤᠷᠪᠢᠬᠤ᠂ ᠬᠤᠷᠠᠯ ᠤᠨ ᠶᠠᠪᠤᠳᠠᠯ᠂ ᠨᠢᠭᠤᠴᠠ ᠪᠢᠴᠢᠭ ᠮᠠᠲ᠋ᠧᠷᠢᠶᠠᠯ᠂ ᠨᠢᠭᠤᠴᠠ ᠶᠢ ᠬᠠᠮᠠᠭᠠᠯᠠᠬᠤ᠂ ᠵᠠᠰᠠᠭ ᠤᠨ ᠶᠠᠪᠤᠳᠠᠯ ᠢ ᠱᠠᠭᠠᠷᠳᠠᠨ ᠭᠦᠢᠴᠡᠳᠬᠡᠯᠭᠡᠬᠦ᠂ ᠪᠠᠶᠢᠭᠤᠯᠭ᠎ᠠ ᠶᠢᠨ ᠠᠷᠤ ᠲᠠᠯ᠎ᠠ ᠶᠢᠨ ᠦᠢᠯᠡᠴᠢᠯᠡᠭᠡᠨ ᠤ ᠠᠵᠢᠯ ᠢ ᠬᠠᠷᠢᠭᠤᠴᠠᠵᠤ ᠮᠡᠳᠡᠭᠡ ᠵᠠᠩᠭᠢ ᠶᠢ ᠢᠯᠡ ᠪᠣᠯᠭᠠᠬᠤ ᠶᠢ ᠵᠣᠬᠢᠶᠠᠨ ᠪᠠᠶᠢᠭᠤᠯᠤᠨ ᠵᠣᠬᠢᠴᠠᠭᠤᠯᠵᠤ᠂ ᠠᠵᠢᠯ ᠲᠥᠷᠥᠯ ᠤᠨ ᠰᠣᠨᠢᠨ ᠮᠡᠳᠡᠭᠡ ᠤᠬᠠᠭᠤᠯᠭ᠎ᠠ ᠶᠢᠨ ᠠᠵᠢᠯ ᠢ ᠵᠢᠯᠣᠭᠤᠳᠤᠨ᠎ᠠ᠃ ᠪᠠᠶᠢᠭᠤᠯᠭ᠎ᠠ ᠶᠢᠨ ᠪᠠᠶᠢᠭᠤᠯᠤᠮᠵᠢ ᠣᠷᠣᠨ ᠲᠤᠭ᠎ᠠ᠂ ᠠᠵᠢᠯᠲᠠᠨ ᠤ ᠶᠠᠪᠤᠳᠠᠯ ᠤᠨ ᠲᠣᠮᠢᠯᠠᠵᠤ ᠪᠠᠭᠤᠯᠭᠠᠬᠤ᠂ ᠺᠠᠳ᠋ᠷ ᠲᠤ ᠬᠢᠨᠠᠯᠲᠠ ᠲᠠᠯᠪᠢᠬᠤ᠂ ᠴᠠᠯᠢᠩ ᠪᠠ ᠨᠡᠶᠢᠭᠡᠮ ᠤᠨ ᠪᠠᠲᠤᠯᠠᠭ᠎ᠠ᠂ ᠤᠨ ᠤ ᠬᠢᠨᠠᠨ ᠰᠢᠯᠭᠠᠯᠲᠠ᠂ ᠭᠠᠳᠠᠭᠠᠳᠤ ︵ᠬᠢᠯᠢ︶ ᠳᠤ ᠭᠠᠷᠬᠤ ᠬᠠᠮᠢᠶᠠᠷᠤᠯᠲᠠ ᠵᠡᠷᠭᠡ ᠠᠵᠢᠯ ᠢ ᠬᠠᠷᠢᠭᠤᠴᠠᠵᠤ᠂ ᠬᠠᠷᠢᠶ᠎ᠠ ᠨᠢᠭᠡᠴᠢ ᠶᠢᠨ ᠬᠠᠮᠢᠶ᠎ᠠ ᠪᠦᠬᠦᠢ ᠠᠵᠢᠯ ᠳᠤ ᠬᠢᠨᠠᠯᠲᠠ ᠲᠠᠯᠪᠢᠨ ᠵᠢᠯᠣᠭᠤᠳᠤᠨ᠎ᠠ᠃ ᠪᠠᠶᠢᠭᠤᠯᠭ᠎ᠠ ᠶᠢᠨ ᠺᠠᠳ᠋ᠷ ᠠᠵᠢᠯᠲᠠᠨ ᠢ ᠪᠣᠯᠪᠠᠰᠤᠷᠠᠭᠤᠯᠤᠨ ᠬᠥᠮᠦᠵᠢᠭᠦᠯᠬᠦ ᠠᠵᠢᠯ ᠢ ᠬᠠᠷᠢᠭᠤᠴᠠᠵᠤ᠂ ᠲᠤᠰ ᠰᠢᠰᠲ᠋ᠧᠮ ᠤᠨ ᠠᠵᠢᠯᠲᠠᠨ ᠢ ᠪᠣᠯᠪᠠᠰᠤᠷᠠᠭᠤᠯᠤᠨ ᠬᠥᠮᠦᠵᠢᠭᠦᠯᠬᠦ ᠬᠠᠮᠢᠶ᠎ᠠ ᠪᠦᠬᠦᠢ ᠠᠵᠢᠯ ᠢ ᠵᠢᠯᠣᠭᠤᠳᠤᠨ᠎ᠠ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠢ ᠬᠠᠮᠵᠢᠨ ᠲᠤᠰᠬᠠᠶ ᠮᠡᠷᠭᠡᠵᠢᠯ ᠤᠨ ᠠᠵᠢᠯᠲᠠᠨ ᠤ ᠬᠢᠷᠢ ᠬᠡᠮ ᠢ ᠬᠢᠨᠠᠨ ᠲᠣᠭᠲᠠᠭᠠᠬᠤ ᠪᠠ ᠠᠵᠢᠯᠴᠢᠨ ᠤ ᠮᠡᠷᠭᠡᠵᠢᠯ ᠤᠨ ᠵᠡᠷᠭᠡ ᠳᠡᠰ ᠢ ᠬᠢᠨᠠᠨ ᠰᠢᠯᠭᠠᠵᠤ ᠬᠢᠨᠠᠨ ᠲᠣᠭᠲᠠᠭᠠᠬᠤ ᠠᠵᠢᠯ ᠢ ᠰᠠᠶᠢᠲᠤᠷ ᠬᠢᠨ᠎ᠡ᠃ ᠠᠵᠢᠯ ᠲᠥᠷᠥᠯ ᠤᠨ ᠴᠢᠳᠠᠪᠤᠷᠢᠲᠠᠨ ᠤ ᠡᠩᠨᠡᠭᠡᠨ ᠤ ᠪᠠᠶᠢᠭᠤᠯᠤᠯᠲᠠ ᠶᠢ ᠵᠢᠯᠣᠭᠤᠳᠤᠨ᠎ᠠ᠃ ᠪᠠᠶᠢᠭᠤᠯᠭ᠎ᠠ ᠶᠢᠨ ᠠᠵᠢᠯ ᠠᠴᠠ ᠠᠮᠠᠷᠠᠵᠤ ᠠᠵᠢᠯ ᠠᠴᠠ ᠪᠠᠭᠤᠭᠰᠠᠨ ᠬᠥᠮᠦᠰ ᠤᠨ ᠠᠵᠢᠯ ᠢ ᠬᠠᠷᠢᠭᠤᠴᠠᠵᠤ᠂ ᠬᠠᠷᠢᠶ᠎ᠠ ᠨᠢᠭᠡᠴᠢ ᠤᠨ ᠢᠶᠠᠨ ᠠᠵᠢᠯ ᠠᠴᠠ ᠠᠮᠠᠷᠠᠵᠤ ᠠᠵᠢᠯ ᠠᠴᠠ ᠪᠠᠭᠤᠭᠰᠠᠨ ᠬᠥᠮᠦᠰ ᠤᠨ ᠠᠵᠢᠯ ᠢ ᠵᠢᠯᠣᠭᠤᠳᠤᠨ᠎ᠠ᠃ ᠪᠠᠶᠢᠭᠤᠯᠭ᠎ᠠ ᠶᠢᠨ ᠡᠳ᠋ ᠤᠨ ᠶᠠᠪᠤᠳᠠᠯ᠂ ᠨᠢᠭᠲᠠᠯᠠᠨ ᠪᠣᠳᠣᠬᠤ ᠳᠦᠷᠢᠮ ᠪᠣᠯᠤᠨ ᠲᠥᠰᠦᠪ ᠤᠨ ᠬᠠᠮᠢᠶᠠᠷᠤᠯᠲᠠ ᠶᠢᠨ ᠳᠦᠷᠢᠮ ᠢ ᠲᠤᠭᠲᠠᠭᠠᠬᠤ ᠶᠢ ᠬᠠᠷᠢᠭᠤᠴᠠᠨ᠎ᠠ᠃ ᠲᠤᠰᠬᠠᠶ ᠲᠦᠷᠦᠯ ᠤᠨ ᠪᠡᠯᠡ ᠮᠥᠩᠭᠦ᠂ ᠲᠥᠰᠦᠪ ᠤᠨ ᠲᠣᠬᠢᠷᠠᠭᠤᠯᠤᠯᠲᠠ ᠶᠢᠨ ᠰᠠᠨᠠᠭᠤᠯᠭ᠎ᠠ ᠪᠠ ᠲᠥᠰᠦᠪ ᠤᠨ ᠬᠦᠢᠴᠡᠳᠬᠡᠯ ᠢ ᠨᠠᠶᠢᠷᠠᠭᠤᠯᠤᠨ ᠵᠣᠬᠢᠶᠠᠬᠤ᠂ ᠵᠠᠰᠠᠭ ᠤᠨ ᠣᠷᠳᠣᠨ ᠤ ᠬᠤᠳᠠᠯᠳᠤᠨ ᠠᠪᠬᠤ᠂ ᠢᠲᠡᠭᠡᠮᠵᠢᠲᠦ ᠵᠢᠭᠡᠯᠡᠯᠭᠡ᠂ ᠭᠠᠳᠠᠭᠠᠳᠤ ᠪᠡᠯᠡ ᠶᠢ ᠠᠰᠢᠭᠯᠠᠬᠤ ᠵᠡᠷᠭᠡ ᠠᠵᠢᠯ ᠢ ᠡᠭᠦᠷᠭᠡᠯᠡᠨ᠎ᠡ᠃ ᠪᠠᠶᠢᠭᠤᠯᠭ᠎ᠠ ᠶᠢᠨ ᠡᠳ᠋ ᠤᠨ ᠶᠠᠪᠤᠳᠠᠯ ᠤᠨ ᠬᠠᠮᠢᠶᠠᠷᠤᠯᠲᠠ  ᠶᠢᠨ ᠠᠵᠢᠯ ᠢ ᠡᠭᠦᠷᠭᠡᠯᠡᠵᠦ ᠬᠠᠷᠢᠶ᠎ᠠ ᠨᠢᠭᠡᠴᠢ ᠤᠨ ᠢᠶᠠᠨ ᠡᠳ᠋ ᠤᠨ ᠶᠠᠪᠤᠳᠠᠯ ᠤᠨ ᠬᠠᠮᠢᠶᠠᠷᠤᠯᠲᠠ ᠶᠢᠨ ᠠᠵᠢᠯ ᠢ ᠵᠢᠯᠣᠭᠤᠳᠤᠨ᠎ᠠ᠃ ᠪᠠᠶᠢᠭᠤᠯᠭ᠎ᠠ ᠪᠣᠯᠤᠨ ᠬᠠᠷᠢᠶ᠎ᠠ ᠨᠢᠭᠡᠴᠢ ᠶᠢᠨ ᠢᠶᠠᠨ ᠮᠡᠳᠡᠭᠡ  ᠵᠠᠩᠭᠢᠴᠢᠯᠠᠯᠲᠠ ᠶᠢᠨ ᠪᠠᠶᠢᠭᠤᠯᠤᠯᠲᠠ  ᠶᠢ ᠬᠠᠷᠢᠭᠤᠴᠠᠨ᠎ᠠ᠃      ︵ᠬᠤᠶᠠᠷ︶ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠳᠠᠰᠤᠭ ︵ᠬᠢᠨᠠᠨ ᠪᠠᠶᠢᠴᠠᠭᠠᠬᠤ ᠳᠠᠰᠤᠭ︶      ᠲᠣᠭᠲᠠᠭᠠᠭᠰᠠᠨ ᠡᠷᠬᠡ ᠮᠡᠳᠡᠯ ᠤᠨ ᠬᠡᠪᠴᠢᠶᠠᠨ ᠳᠤ ᠲᠤᠪᠴᠢᠶᠠᠨ ᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠵᠥᠪᠰᠢᠶᠡᠷᠡᠯ ᠭᠤᠶᠤᠴᠢᠯᠠᠬᠤ᠂ ᠨᠤᠲᠠᠯᠠᠨ ᠵᠥᠪᠰᠢᠶᠡᠷᠡᠬᠦ᠂ ᠱᠠᠩᠨᠠᠬᠤ᠂ ᠲᠤᠭᠠᠴᠢᠨ ᠤᠯᠭᠤᠬᠤ ᠬᠡᠷᠡᠭ ᠤᠴᠢᠷ ᠢ ᠬᠦᠯᠢᠶᠡᠨ ᠠᠪᠴᠤ ᠰᠢᠢᠳᠪᠦᠷᠢᠯᠡᠬᠦ᠂ ᠬᠢᠨᠠᠨ ᠵᠥᠪᠰᠢᠶᠡᠷᠡᠬᠦ᠂ ᠰᠢᠯᠵᠢᠭᠦᠯᠦᠨ ᠮᠡᠳᠡᠭᠦᠯᠬᠦ ᠵᠡᠷᠭᠡ ᠠᠵᠢᠯ ᠪᠠ ᠡᠳᠦᠷ ᠲᠤᠲᠤᠮ ᠤᠨ ᠬᠠᠮᠢᠶᠠᠷᠤᠯᠲᠠ ᠶᠢᠨ ᠦᠢᠯᠡᠴᠢᠯᠡᠭᠡᠨ ᠤ ᠲᠥᠷᠥᠯ ᠵᠡᠷᠭᠡ ᠶᠠᠪᠤᠳᠠᠯ ᠢ ᠬᠢᠨᠠᠨ ᠬᠠᠷᠭᠤᠭᠤᠯᠬᠤ᠂ ᠵᠥᠪᠰᠢᠶᠡᠷᠡᠬᠦ᠂ ᠳᠠᠩᠰᠠᠯᠠᠬᠤ ᠵᠡᠷᠭᠡ ᠠᠵᠢᠯ ᠢ ᠡᠭᠦᠷᠭᠡᠯᠡᠨ᠎ᠡ᠃ ᠡᠯ᠎ᠡ ᠲᠤᠬᠠᠶᠢᠯᠠᠭᠰᠠᠨ ᠠᠵᠢᠯ ᠤᠨ ᠲᠠᠰᠤᠭ ᠤᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠶᠠᠪᠤᠳᠠᠯ ᠤᠨ ᠠᠷᠤ ᠲᠠᠯ᠎ᠠ ᠶᠢᠨ ᠠᠵᠢᠯ ᠢ ᠳᠡᠮᠵᠢᠬᠦ ᠶᠢ ᠵᠤᠬᠢᠴᠠᠭᠤᠯᠤᠨ ᠬᠠᠷᠢᠭᠤᠴᠠᠨ᠎ᠠ᠃ ᠲᠥᠷᠥ ᠶᠢᠨ ᠪᠣᠳᠣᠯᠭ᠎ᠠ ᠶᠢᠨ ᠪᠠᠶᠢᠴᠠᠭᠠᠨ ᠰᠤᠳᠤᠯᠤᠯᠲᠠ ᠶᠢ ᠵᠣᠬᠢᠶᠠᠨ ᠪᠠᠶᠢᠭᠤᠯᠵᠤ᠂ ᠵᠣᠬᠢᠴᠠᠭᠤᠯᠤᠨ ᠥᠭᠡᠷᠡᠴᠢᠯᠡᠬᠦ ᠲᠠᠯ᠎ᠠ ᠶᠢᠨ ᠠᠵᠢᠯ ᠢ ᠡᠭᠦᠷᠭᠡᠯᠡᠨ᠎ᠡ᠃ ᠠᠵᠢᠯ ᠲᠥᠷᠥᠯ ᠤᠨ ᠬᠠᠤᠯᠢ ᠶᠣᠰᠣᠭᠠᠷ ᠵᠠᠰᠠᠭ ᠶᠠᠪᠤᠭᠤᠯᠬᠤ ᠪᠠ ᠬᠠᠤᠯᠢ ᠲᠦᠭᠡᠮᠡᠯᠵᠢᠭᠦᠯᠬᠦ ᠠᠵᠢᠯ ᠢ ᠵᠢᠯᠣᠭᠤᠳᠴᠤ᠂ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠬᠠᠤᠯᠢ ᠶᠣᠰᠣᠴᠢ ᠴᠢᠨᠠᠷ ᠢ ᠬᠢᠨᠠᠨ ᠪᠠᠶᠢᠴᠠᠭᠠᠬᠤ᠂ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ᠂ ᠵᠠᠰᠠᠭ ᠵᠠᠬᠢᠷᠭᠠᠨ ᠤ ᠵᠠᠷᠭᠤ ᠬᠦᠯᠢᠶᠡᠬᠦ ᠵᠡᠷᠭᠡ ᠠᠵᠢᠯ ᠢ ᠡᠭᠦᠷᠭᠡᠯᠡᠨ᠎ᠡ᠃ ᠢᠲᠡᠭᠡᠮᠵᠢ ᠶᠢᠨ ᠰᠢᠰᠲ᠋ᠧᠮ ᠤᠨ ᠪᠠᠶᠢᠭᠤᠯᠤᠯᠲᠠ ᠶᠢ ᠵᠣᠬᠢᠴᠠᠭᠤᠯᠤᠨ᠎ᠠ᠃ ᠠᠵᠢᠯ ᠲᠥᠷᠥᠯ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ ᠲᠠᠯᠪᠢᠵᠤ ᠬᠠᠮᠢᠶᠠᠷᠬᠤ ᠠᠵᠢᠯ ᠢ ᠬᠠᠷᠢᠭᠤᠴᠠᠵᠤ᠂ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ᠂ ᠳᠦᠷᠢᠮ ᠪᠣᠯᠤᠨ ᠪᠠᠷᠢᠮᠵᠢᠶ᠎ᠠ ᠶᠢ ᠲᠤᠭᠤᠷᠪᠢᠨ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠦᠨ᠎ᠡ᠃ ᠠᠵᠢᠯ ᠲᠥᠷᠥᠯ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠡᠩᠨᠡᠭᠡᠨ ᠤ ᠪᠠᠶᠢᠭᠤᠯᠤᠯᠲᠠ ᠶᠢ ᠵᠢᠯᠣᠭᠤᠳᠤᠨ᠎ᠠ᠃ ᠵᠢᠭᠠᠰᠤᠨ ᠠᠵᠤ ᠦᠢᠯᠡᠰ ᠤᠨ ᠤᠩᠭᠤᠴᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ ᠲᠠᠯᠪᠢᠬᠤ ᠠᠵᠢᠯ ᠢ ᠬᠠᠷᠢᠭᠤᠴᠠᠨ᠎ᠠ᠃ ᠺᠠᠳ᠋ᠷ ᠠᠵᠢᠯᠲᠠᠨ ᠤ ᠠᠵᠢᠯ ᠤᠨ ᠰᠠᠬᠢᠯᠭ᠎ᠠ ᠪᠠᠲᠤ ᠶᠢ ᠵᠢᠷᠤᠮᠯᠠᠭᠰᠠᠨ ᠪᠠᠶᠢᠳᠠᠯ᠂ ᠣᠯᠠᠨ ᠲᠦᠮᠡᠨ ᠤ ᠠᠵᠢᠯ ᠶᠠᠪᠤᠳᠠᠯ ᠬᠦᠢᠴᠡᠳᠭᠡᠬᠦ ᠬᠠᠨᠤᠮᠵᠢ ᠶᠢᠨ ᠬᠡᠮᠵᠢᠶ᠎ᠡ ᠶᠢᠨ ᠬᠠᠷᠢᠭᠤ ᠰᠤᠷᠪᠤᠯᠵᠢᠯᠠᠬᠤ ᠠᠵᠢᠯ ᠢ ᠬᠠᠷᠢᠭᠤᠴᠠᠨ ᠬᠢᠨᠠᠯᠲᠠ ᠲᠠᠯᠪᠢᠨ ᠪᠠᠶᠢᠴᠠᠭᠠᠵᠤ᠂ ᠲᠤᠪᠴᠢᠶᠠᠨ ᠳᠤ ᠰᠠᠭᠤᠭ᠎ᠠ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠳᠤᠭᠤᠶᠢᠯᠠᠩ ᠢ ᠬᠠᠮᠵᠢᠨ ᠺᠠᠳ᠋ᠷ ᠠᠵᠢᠯᠲᠠᠨ ᠤ ᠬᠠᠤᠯᠢ ᠵᠦᠷᠢᠴᠡᠵᠤ ᠰᠠᠬᠢᠯᠭ᠎ᠠ ᠪᠠᠲᠤ ᠶᠢ ᠵᠦᠷᠢᠴᠡᠭᠰᠡᠨ ᠬᠡᠷᠡᠭ ᠢ ᠪᠠᠶᠢᠴᠠᠭᠠᠨ ᠰᠢᠢᠳᠪᠦᠷᠢᠯᠡᠨ᠎ᠡ᠃ ᠵᠠᠰᠠᠮᠠᠯ ᠵᠠᠮ ᠤᠨ ᠢᠨᠵᠧᠨᠧᠷᠢᠩ ᠤᠨ ᠪᠠᠷᠢᠯᠭ᠎ᠠ ᠶᠢᠨ ᠶᠠᠰᠤ ᠴᠢᠨᠠᠷ ᠲᠤ ᠬᠢᠨᠠᠯᠲᠠ ᠲᠠᠯᠪᠢᠬᠤ ᠭᠠᠷᠳᠠᠮ ᠵᠢᠴᠢ ᠪᠠᠷᠢᠯᠭ᠎ᠠ ᠪᠠᠷᠢᠬᠤ ᠵᠥᠪᠰᠢᠶᠡᠷᠡᠯ ᠢ ᠬᠠᠷᠢᠭᠤᠴᠠᠨ ᠬᠦᠢᠴᠡᠳᠬᠡᠵᠤ ᠪᠥᠬᠦ ᠬᠤᠰᠢᠭᠤᠨ ᠤ ᠵᠠᠰᠠᠮᠠᠯ ᠵᠠᠮ ᠤᠰᠤᠨ ᠲᠡᠭᠡᠭᠡᠪᠦᠷᠢ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ︵ᠰᠢᠨ᠎ᠡ ᠪᠠᠷ ᠪᠠᠶᠢᠭᠤᠯᠬᠤ᠂ ᠥᠭᠡᠷᠡᠴᠢᠯᠡᠨ ᠪᠠᠶᠢᠭᠤᠯᠬᠤ᠂ ᠶᠡᠬᠡᠪᠡᠷ ᠵᠠᠰᠠᠵᠤ ᠠᠷᠠᠴᠢᠯᠠᠨ ᠬᠠᠮᠠᠭᠠᠯᠠᠬᠤ ᠢᠨᠵᠧᠨᠧᠷᠢᠩ︶ ᠤᠨ ᠶᠠᠰᠤ ᠴᠢᠨᠠᠷ ᠤᠨ ᠪᠥᠬᠦ ᠶᠠᠪᠤᠴᠠ ᠳᠤ ᠬᠢᠨᠠᠯᠲᠠ ᠬᠠᠮᠢᠶᠠᠷᠤᠯᠲᠠ ᠬᠢᠵᠦ᠂ ᠪᠠᠷᠢᠯᠭ᠎ᠠ ᠶᠢᠨ ᠭᠠᠵᠠᠷ ᠤᠨ ᠪᠠᠷᠢᠮᠵᠢᠶᠠᠵᠢᠭᠰᠠᠨ ᠪᠦᠲᠦᠭᠡᠨ ᠪᠠᠶᠢᠭᠤᠯᠤᠯᠲᠠ ᠳᠤ ᠬᠢᠨᠠᠯᠲᠠ ᠬᠠᠮᠢᠶᠠᠷᠤᠯᠲᠠ ᠬᠢᠨ᠎ᠡ᠃ ᠲᠣᠭᠲᠠᠭᠠᠭᠰᠠᠨ ᠡᠷᠬᠡ ᠮᠡᠳᠡᠯ ᠤᠨ ᠬᠡᠪᠴᠢᠶᠠᠨ ᠳᠤ ᠵᠠᠰᠠᠮᠠᠯ ᠵᠠᠮ ᠤᠰᠤᠨ ᠲᠡᠭᠡᠭᠡᠪᠦᠷᠢ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠪᠠᠷᠢᠯᠭ᠎ᠠ ᠳᠠᠭᠤᠰᠤᠭᠰᠠᠨ ᠢ ᠰᠢᠯᠭᠠᠨ ᠬᠤᠷᠢᠶᠠᠬᠤ ᠠᠴᠠ ᠡᠮᠦᠨᠡᠬᠢ ᠶᠠᠰᠤ ᠴᠢᠨᠠᠷ ᠢ ᠪᠠᠶᠢᠴᠠᠭᠠᠨ ᠬᠡᠮᠵᠢᠬᠦ ᠪᠠ ᠬᠢᠨᠠᠨ ᠲᠤᠭᠲᠠᠭᠠᠬᠤ᠂ ᠪᠠᠷᠢᠯᠭ᠎ᠠ ᠳᠠᠭᠤᠰᠬᠤ ᠶᠠᠰᠤ ᠴᠢᠨᠠᠷ ᠤᠨ ᠬᠢᠨᠠᠨ ᠲᠤᠭᠲᠠᠭᠠᠯᠲᠠ ᠶᠢ ᠭᠠᠷᠭᠠᠵᠤ ᠥᠭᠬᠦ ᠶᠢ ᠬᠠᠷᠢᠭᠤᠴᠠᠨ᠎ᠠ᠃ ᠠᠵᠢᠯ ᠲᠥᠷᠥᠯ ᠤᠨ ᠮᠡᠷᠭᠡᠵᠢᠯ ᠢ ᠵᠢᠯᠣᠭᠤᠳᠬᠤ ᠠᠵᠢᠯ ᠢ ᠬᠠᠷᠢᠭᠤᠴᠠᠵᠤ᠂ ᠬᠦᠨᠳᠦ ᠶᠡᠭᠡ ᠶᠠᠰᠤ ᠴᠢᠨᠠᠷ ᠪᠣᠯᠤᠨ ᠠᠮᠤᠷ ᠲᠦᠪᠰᠢᠨ ᠤ ᠠᠳᠡᠯ ᠢ ᠪᠠᠶᠢᠴᠠᠭᠠᠨ ᠰᠢᠢᠳᠪᠦᠷᠢᠯᠡᠬᠦ ᠳᠤ ᠣᠷᠣᠯᠴᠠᠨ᠎ᠠ᠃       ︵ᠭᠤᠷᠪᠠ︶ ᠶᠡᠷᠦᠩᠬᠡᠶᠢᠯᠡᠭᠰᠡᠨ ᠳᠠᠰᠤᠭ       ᠪᠦᠬᠦ ᠬᠤᠰᠢᠭᠤᠨ ᠤ ᠶᠡᠷᠦᠩᠬᠡᠶᠢᠯᠡᠭᠰᠡᠨ ᠵᠠᠮ ᠬᠠᠷᠢᠯᠴᠠᠭ᠎ᠠ ᠲᠡᠭᠡᠭᠡᠪᠦᠷᠢ ᠶᠢᠨ ᠬᠥᠭᠵᠢᠯᠲᠡ ᠶᠢᠨ ᠲᠦᠯᠦᠪᠵᠢᠬᠦᠯᠭᠡ ᠵᠢᠴᠢ ᠵᠠᠰᠠᠮᠠᠯ ᠵᠠᠮ ᠤᠰᠤᠨ ᠵᠠᠮ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ᠂ ᠲᠤᠰᠬᠠᠶ ᠲᠦᠯᠦᠪᠵᠢᠬᠦᠯᠭᠡ᠂ ᠤᠨ ᠤ ᠲᠥᠯᠥᠪᠯᠡᠭᠡ ᠶᠢ ᠵᠣᠬᠢᠶᠠᠨ ᠪᠠᠶᠢᠭᠤᠯᠤᠨ ᠨᠠᠶᠢᠷᠠᠭᠤᠯᠤᠨ ᠵᠤᠬᠢᠶᠠᠬᠤ ᠶᠢᠨ ᠬᠠᠮᠲᠤ ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠲᠥᠯᠥᠪᠯᠡᠭᠡ᠂ ᠬᠥᠳᠡᠭᠡ ᠲᠣᠰᠬᠤᠨ ᠤ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠯᠥᠪᠯᠡᠭᠡ ᠶᠢ ᠨᠠᠶᠢᠷᠠᠭᠤᠯᠤᠨ ᠵᠣᠬᠢᠶᠠᠵᠤ᠂ ᠪᠠᠷᠠᠭᠠᠨ ᠬᠦᠢᠯᠭᠡᠭᠡᠨ ᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢ ᠲᠣᠭᠲᠠᠭᠠᠬᠤ ᠳᠤ ᠣᠷᠣᠯᠴᠠᠨ᠎ᠠ᠃ ᠵᠠᠮ ᠬᠠᠷᠢᠯᠴᠠᠭᠠᠨ ᠤ ᠰᠠᠭᠤᠷᠢ ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠢᠨᠵᠧᠨᠧᠷᠢᠩ ᠤᠨ ᠬᠡᠷᠡᠭᠵᠢᠭᠦᠯᠵᠦ ᠪᠤᠯᠬᠤᠶᠢᠴᠠ ᠰᠤᠳᠤᠯᠭᠠᠨ ᠤ ᠠᠵᠢᠯ ᠢ ᠡᠭᠦᠷᠭᠡᠯᠡᠨ᠎ᠡ᠃ ᠬᠤᠯᠪᠣᠭᠳᠠᠯ ᠪᠦᠬᠦᠢ ᠵᠠᠮ ᠬᠠᠷᠢᠯᠴᠠᠭᠠᠨ ᠤ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠲᠣᠭᠲᠠᠮᠠᠯ ᠬᠥᠷᠥᠩᠭᠡ ᠶᠢᠨ ᠪᠡᠯᠡ ᠤᠷᠤᠭᠤᠯᠤᠯᠲᠠ ᠶᠢᠨ ᠬᠡᠪᠴᠢᠶᠡᠵᠢᠯ ᠪᠠ ᠴᠢᠭᠯᠡᠯᠲᠡ᠂ ᠵᠠᠰᠠᠭ ᠤᠨ ᠣᠷᠳᠣᠨ ᠪᠣᠯᠤᠨ ᠨᠡᠶᠢᠭᠡᠮ ᠤᠨ ᠬᠥᠷᠥᠩᠭᠡ ᠶᠢᠨ ᠬᠠᠮᠲᠤᠷᠠᠯᠴᠠᠭᠠᠨ ᠤ ᠲᠦᠷᠦᠯ ᠵᠦᠢᠯ ᠤᠨ ᠰᠠᠨᠠᠭᠤᠯᠭ᠎ᠠ ᠶᠢ ᠡᠭᠦᠷᠭᠡᠯᠡᠨ᠎ᠡ᠃ ᠵᠠᠰᠠᠮᠠᠯ ᠵᠠᠮ ᠤᠰᠤᠨ ᠵᠠᠮ ᠤᠨ ᠠᠵᠢᠯ ᠲᠥᠷᠥᠯ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠡᠨᠧᠷᠭᠢ ᠠᠷᠪᠢᠯᠠᠬᠤ᠂ ᠪᠣᠬᠢᠷᠲᠤᠯ ᠢ ᠰᠡᠷᠭᠡᠶᠢᠯᠡᠨ ᠵᠠᠰᠠᠬᠤ ᠪᠠ ᠭᠠᠮᠰᠢᠭ ᠠᠴᠠ ᠠᠪᠤᠷᠠᠬᠤ ᠵᠡᠷᠭᠡ ᠠᠵᠢᠯ ᠢ ᠬᠢᠨᠠᠨ ᠬᠠᠮᠢᠶᠠᠷᠴᠤ ᠪᠦᠷᠢᠳᠬᠡᠨ ᠵᠠᠳᠠᠯᠬᠤ ᠠᠵᠢᠯ ᠢ ᠡᠭᠦᠷᠭᠡᠯᠡᠨ᠎ᠡ᠃ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠠᠵᠢᠯ ᠢ ᠬᠠᠷᠢᠭᠤᠴᠠᠵᠤ᠂ ᠲᠣᠭᠲᠠᠭᠠᠭᠰᠠᠨ ᠡᠷᠬᠡ ᠮᠡᠳᠡᠯ ᠤᠨ ᠬᠡᠪᠴᠢᠶᠠᠨ ᠳᠤ ᠵᠠᠰᠠᠮᠠᠯ ᠵᠠᠮ ᠤᠰᠤᠨ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠵᠢᠷᠤᠭ ᠲᠥᠯᠥᠪᠯᠡᠭᠡ ᠶᠢ ᠬᠢᠨᠠᠨ ᠵᠥᠪᠰᠢᠶᠡᠷᠡᠬᠦ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠬᠦᠯᠬᠦ ᠶᠢ ᠬᠠᠷᠢᠭᠤᠴᠠᠵᠤ᠂ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠪᠠᠷᠢᠯᠭ᠎ᠠ ᠳᠠᠭᠤᠰᠤᠭᠰᠠᠨ ᠢ ᠰᠢᠯᠭᠠᠨ ᠠᠪᠬᠤ ᠠᠵᠢᠯ ᠢ ᠬᠠᠷᠢᠭᠤᠴᠠᠨ᠂ ᠪᠠᠷᠢᠯᠭ᠎ᠠ ᠶᠢᠨ ᠦᠨ᠎ᠡ᠂ ᠳᠠᠭᠠᠭᠠᠴᠢᠯᠠᠯᠲᠠ ᠵᠠᠷᠯᠠᠬᠤ ᠳᠠᠭᠠᠭᠠᠴᠢᠯᠠᠯᠲᠠ ᠬᠦᠯᠢᠶᠡᠬᠦ᠂ ᠠᠵᠢᠯ ᠡᠷᠬᠢᠯᠡᠬᠦ ᠬᠢᠷᠢ ᠭᠡᠮ ᠤᠨ ᠬᠠᠮᠢᠶ᠎ᠠ ᠪᠦᠬᠦᠢ ᠠᠵᠢᠯ  ᠳᠤ ᠬᠢᠨᠠᠯᠲᠠ ᠲᠠᠯᠪᠢᠨ ᠵᠢᠯᠤᠭᠤᠳᠤᠨ᠎ᠠ᠃ ᠬᠥᠳᠡᠭᠡ ᠲᠣᠰᠬᠤᠨ ᠤ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠠᠵᠢᠯ ᠢ ᠵᠢᠯᠣᠭᠤᠳᠬᠤ ᠪᠠ ᠬᠢᠨᠠᠯᠲᠠ ᠲᠠᠯᠪᠢᠨ᠎ᠠ᠃ ᠵᠠᠰᠠᠮᠠᠯ ᠵᠠᠮ ᠤᠰᠤᠨ ᠵᠠᠮ ᠤᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠤᠭᠤᠴᠠᠭᠠᠨ ᠤ ᠣᠷᠴᠢᠨ ᠲᠣᠭᠤᠷᠢᠨ ᠤ ᠬᠠᠮᠠᠭᠠᠯᠠᠯᠲᠠ᠂ ᠡᠨᠧᠷᠭᠢ ᠠᠷᠪᠢᠯᠠᠨ ᠪᠣᠬᠢᠷᠲᠤᠯ ᠢ ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠬᠤ ᠠᠵᠢᠯ ᠢ ᠵᠢᠯᠣᠭᠤᠳᠤᠨ᠎ᠠ᠃ ᠲᠤᠭᠲᠠᠭᠠᠭᠰᠠᠨ ᠡᠷᠬᠡ ᠮᠡᠳᠡᠯ ᠤᠨ ᠬᠡᠪᠴᠢᠶᠠᠨ ᠳᠤ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠠᠵᠢᠯ ᠡᠷᠬᠢᠯᠡᠬᠦ ᠨᠢᠭᠡᠴᠢ ᠶᠢᠨ ᠢᠲᠡᠭᠡᠮᠵᠢ ᠶᠢ ᠦᠨᠡᠯᠡᠬᠦ ᠠᠵᠢᠯ ᠢ ᠬᠠᠷᠢᠭᠤᠴᠠᠨ᠎ᠠ᠃ ᠵᠠᠮ ᠬᠠᠷᠢᠯᠴᠠᠭ᠎ᠠ ᠲᠡᠭᠡᠭᠡᠪᠦᠷᠢ ᠶᠢᠨ ᠠᠵᠢᠯ ᠲᠥᠷᠥᠯ ᠤᠨ ᠮᠡᠷᠭᠡᠵᠢᠯ ᠤᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠡᠳᠦᠷ ᠲᠤᠲᠤᠮ ᠤᠨ ᠠᠵᠢᠯ ᠢ ᠳᠠᠭᠠᠭᠠᠨ ᠡᠷᠬᠢᠯᠡᠨ᠎ᠡ᠃ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ᠂ ᠵᠠᠮ ᠤᠨ ᠶᠠᠪᠤᠳᠠᠯ᠂ ᠲᠡᠭᠡᠭᠡᠪᠦᠷᠢ ᠶᠢᠨ ᠦᠢᠯᠡᠴᠢᠯᠡᠭᠡᠨ ᠤ ᠬᠢᠨᠠᠯᠲᠠ ᠬᠠᠮᠢᠶᠠᠷᠤᠯᠲᠠ ᠶᠢᠨ ᠠᠵᠢᠯ ᠢ ᠬᠠᠷᠢᠭᠤᠴᠠᠵᠤ᠂ ᠲᠣᠭᠲᠠᠭᠰᠠᠨ ᠡᠷᠬᠡ ᠮᠡᠳᠡᠯ ᠤᠨ ᠬᠡᠪᠴᠢᠶᠠᠨ ᠳᠤ ᠪᠠᠷᠢᠮᠵᠢᠶ᠎ᠠ ᠠᠴᠠ ᠬᠡᠲᠦᠷᠡᠭᠦᠯᠦᠨ  ᠲᠡᠭᠡᠭᠡᠪᠦᠷᠢᠯᠡᠬᠦ᠂ ᠵᠠᠮ ᠤᠨ ᠢᠨᠵᠧᠨᠧᠷᠢᠩ ᠳᠤ ᠬᠤᠯᠪᠣᠭᠳᠠᠬᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠵᠠᠮ ᠬᠠᠷᠢᠯᠴᠠᠭᠠᠨ ᠤ ᠬᠡᠮᠵᠢᠶ᠎ᠡ ᠶᠢ ᠪᠠᠶᠢᠴᠠᠭᠠᠬᠤ᠂ ᠵᠠᠮ ᠤᠨ ᠪᠠᠶᠢᠳᠠᠯ ᠢ ᠳᠠᠩᠰᠠᠯᠠᠬᠤ᠂ ᠵᠠᠮ ᠤᠨ ᠲᠣᠤᠷ ᠰᠦᠯᠵᠢᠶ᠎ᠡ ᠶᠢ ᠬᠢᠨᠠᠨ ᠬᠡᠮᠵᠢᠬᠦ ᠵᠢᠴᠢ ᠵᠠᠰᠠᠮᠠᠯ ᠵᠠᠮ ᠤᠨ ᠨᠣᠭᠤᠭᠠᠷᠠᠭᠤᠯᠤᠯᠲᠠ ᠶᠢᠨ ᠠᠵᠢᠯ ᠢ ᠬᠠᠷᠢᠭᠤᠴᠠᠨ᠎ᠠ᠃ ᠵᠠᠰᠠᠮᠠᠯ ᠵᠠᠮ ᠢ ᠨᠢᠭᠡᠳᠦᠯᠲᠡᠢ ᠲᠥᠯᠥᠪᠯᠡᠨ ᠲᠣᠬᠢᠷᠠᠭᠤᠯᠬᠤ᠂ ᠠᠶᠤᠯ ᠭᠠᠮᠰᠢᠭ ᠠᠴᠠ ᠠᠪᠤᠷᠠᠬᠤ ᠠᠵᠢᠯ ᠢ ᠡᠭᠦᠷᠭᠡᠯᠡᠨ᠎ᠡ᠃ ᠬᠥᠳᠡᠭᠡ ᠲᠣᠰᠬᠤᠨ ᠤ ᠵᠠᠰᠠᠮᠠᠯ ᠵᠠᠮ ᠢ ᠠᠷᠠᠴᠢᠯᠠᠨ ᠬᠠᠮᠠᠭᠠᠯᠠᠬᠤ ᠬᠠᠮᠢᠶ᠎ᠠ ᠪᠦᠬᠦᠢ ᠠᠵᠢᠯ ᠢ ᠳᠠᠭᠠᠭᠠᠨ ᠡᠷᠬᠢᠯᠡᠨ᠎ᠡ᠃ ᠪᠦᠬᠦ ᠬᠤᠰᠢᠭᠤᠨ ᠤ ᠰᠦᠢᠳᠬᠡᠯ ᠬᠤᠷᠢᠶᠠᠬᠤ ᠵᠠᠰᠠᠮᠠᠯ ᠵᠠᠮ ᠤᠨ ᠬᠠᠮᠢᠶ᠎ᠠ ᠪᠦᠬᠦᠢ ᠬᠡᠷᠡᠭ ᠶᠠᠪᠤᠳᠠᠯ ᠢ ᠬᠠᠷᠢᠭᠤᠴᠠᠵᠤ᠂ ᠦᠨᠳᠦᠷ ᠬᠤᠷᠳᠤᠴᠠᠲᠤ ᠵᠠᠰᠠᠮᠠᠯ ᠵᠠᠮ ᠤᠨ ᠰᠦᠯᠵᠢᠶᠡᠵᠢᠬᠦᠯᠦᠨ ᠰᠦᠢᠳᠬᠡᠯ ᠬᠤᠷᠢᠶᠠᠬᠤ ᠬᠢᠨᠠᠯᠲᠠ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃ ᠠᠵᠢᠯ ᠲᠥᠷᠥᠯ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠠ ᠳᠡᠯᠭᠡᠷᠡᠭᠦᠯᠬᠦ᠂ ᠮᠡᠳᠡᠭᠡ ᠵᠠᠩᠭᠢᠴᠢᠯᠠᠯᠲᠠ ᠶᠢᠨ ᠪᠦᠲᠦᠭᠡᠨ ᠪᠠᠶᠢᠭᠤᠯᠤᠯᠲᠠ ᠳᠤ ᠬᠢᠨᠠᠯᠲᠠ ᠲᠠᠯᠪᠢᠨ ᠵᠢᠯᠣᠭᠤᠳᠬᠤ ᠠᠵᠢᠯ ᠢ ᠬᠠᠷᠢᠭᠤᠴᠠᠵᠤ ᠬᠠᠮᠢᠶ᠎ᠠ ᠪᠦᠬᠦᠢ ᠬᠠᠮᠢᠶᠠᠷᠤᠯᠲᠠ ᠶᠢᠨ ᠳᠦᠷᠢᠮ ᠢ ᠲᠤᠭᠤᠷᠪᠢᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠦᠨ᠎ᠡ᠃ ᠬᠤᠯᠪᠣᠭᠳᠠᠯ ᠪᠦᠬᠦᠢ ᠰᠢᠨᠵᠢᠯᠡᠬᠦ ᠤᠬᠠᠭᠠᠨ ᠮᠡᠷᠭᠡᠵᠢᠯ ᠤᠨ ᠲᠦᠷᠦᠯ ᠵᠦᠢᠯ ᠤᠨ ᠲᠥᠯᠥᠪᠯᠡᠭᠡ ᠶᠢ ᠲᠤᠭᠤᠷᠪᠢᠨ ᠲᠣᠭᠲᠠᠭᠠᠵᠤ ᠴᠢᠬᠤᠯᠠ ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠲᠦᠷᠦᠯ ᠵᠦᠢᠯ ᠢ ᠰᠤᠳᠤᠯᠬᠤ᠂ ᠰᠢᠨᠵᠢᠯᠡᠬᠦ ᠤᠬᠠᠭᠠᠨ ᠮᠡᠷᠭᠡᠵᠢᠯ ᠤᠨ ᠦᠷ᠎ᠡ ᠪᠦᠲᠦᠭᠡᠯ ᠢ ᠬᠤᠪᠢᠷᠠᠭᠤᠯᠬᠤ ᠪᠠ ᠳᠡᠯᠭᠡᠷᠡᠭᠦᠯᠦᠨ ᠬᠡᠷᠡᠭᠯᠡᠬᠦ ᠶᠢ ᠵᠣᠬᠢᠴᠠᠭᠤᠯᠤᠨ᠎ᠠ᠃ ᠪᠠᠷᠢᠮᠵᠢᠶᠠᠵᠢᠭᠤᠯᠬᠤ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃ ᠠᠵᠢᠯ ᠲᠥᠷᠥᠯ ᠤᠨ ᠦᠢᠯᠡᠳᠬᠦᠨ ᠤ ᠶᠠᠰᠤ ᠴᠢᠨᠠᠷ ᠪᠣᠯᠤᠨ ᠬᠡᠮᠵᠢᠯᠲᠡ ᠶᠢ ᠭᠡᠷᠡᠴᠢᠯᠡᠬᠦ ᠬᠠᠮᠢᠶᠠᠷᠤᠯᠲᠠ ᠶᠢᠨ ᠠᠵᠢᠯ ᠢ ᠵᠢᠯᠣᠭᠤᠳᠤᠨ᠎ᠠ᠃       ︵ᠲᠦᠷᠪᠡ︶ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠪᠣᠯᠤᠨ ᠲᠡᠭᠡᠭᠡᠪᠦᠷᠢ ᠶᠢᠨ ᠦᠢᠯᠡᠴᠢᠯᠡᠭᠡᠨ ᠤ ᠲᠠᠰᠤᠭ ︵ᠵᠠᠮ ᠬᠠᠷᠢᠯᠴᠠᠭᠠᠨ ᠤ ᠪᠡᠯᠡᠳᠬᠡᠬᠦ ᠳᠠᠰᠤᠭ︶       ᠵᠠᠰᠠᠮᠠᠯ ᠵᠠᠮ ᠤᠰᠤᠨ ᠵᠠᠮ ᠤᠨ ᠠᠶᠤᠯᠬᠦᠢ ᠦᠢᠯᠡᠳᠪᠦᠷᠢᠯᠡᠯ ᠤᠨ ᠬᠠᠮᠢᠶᠠᠷᠤᠯᠲᠠ ᠶᠢᠨ ᠳᠦᠷᠢᠮ ᠪᠣᠯᠤᠨ ᠪᠠᠴᠢᠮ ᠪᠠᠶᠢᠳᠠᠯ ᠢ ᠠᠷᠭᠠᠴᠠᠭᠠᠬᠤ ᠤᠷᠢᠳᠴᠢᠯᠠᠭᠰᠠᠨ ᠲᠥᠰᠦᠯ ᠢ ᠲᠤᠭᠤᠷᠪᠢᠨ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠬᠦᠯᠦᠨ᠎ᠡ᠃ ᠠᠵᠢᠯ ᠲᠥᠷᠥᠯ ᠤᠨ ᠠᠶᠤᠯᠬᠦᠢ ᠦᠢᠯᠡᠳᠪᠦᠷᠢᠯᠡᠯ ᠪᠠ ᠪᠠᠴᠢᠮ ᠪᠠᠶᠢᠳᠠᠯ ᠢ ᠰᠢᠢᠳᠪᠦᠷᠢᠯᠡᠬᠦ ᠰᠢᠰᠲ᠋ᠧᠮ ᠤᠨ ᠪᠠᠶᠢᠭᠤᠯᠤᠯᠲᠠ ᠶᠢ ᠵᠢᠯᠣᠭᠤᠳᠴᠤ᠂ ᠠᠵᠢᠯ ᠲᠥᠷᠥᠯ ᠤᠨ ᠠᠶᠤᠯᠬᠦᠢ ᠦᠢᠯᠡᠳᠪᠦᠷᠢᠯᠡᠯ ᠤᠨ ᠬᠠᠤᠯᠢ ᠬᠡᠷᠡᠭᠵᠢᠭᠦᠯᠬᠦ ᠠᠵᠢᠯ ᠢ ᠵᠢᠯᠣᠭᠤᠳᠤᠨ᠎ᠠ᠃ ᠠᠶᠤᠯᠬᠦᠢ ᠦᠢᠯᠡᠳᠪᠦᠷᠢᠯᠡᠯ ᠤᠨ ᠬᠠᠮᠢᠶ᠎ᠠ ᠪᠦᠬᠦᠢ ᠠᠳᠡᠯ ᠢ ᠪᠠᠶᠢᠴᠠᠭᠠᠨ ᠰᠢᠢᠳᠪᠦᠷᠢᠯᠡᠬᠦ ᠠᠵᠢᠯ ᠢ ᠵᠣᠬᠢᠶᠠᠨ ᠪᠠᠶᠢᠭᠤᠯᠤᠨ᠎ᠠ᠃ ᠵᠠᠰᠠᠮᠠᠯ ᠵᠠᠮ ᠤᠰᠤᠨ ᠵᠠᠮ ᠤᠨ ᠲᠡᠭᠡᠭᠡᠪᠦᠷᠢ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠵᠤ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ᠂ ᠳᠦᠷᠢᠮ ᠪᠣᠯᠤᠨ ᠪᠠᠷᠢᠮᠵᠢᠶ᠎ᠠ ᠶᠢ ᠲᠤᠭᠤᠷᠪᠢᠨ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠬᠦᠯᠦᠨ᠎ᠡ᠃ ᠬᠤᠰᠢᠭᠤ ᠠᠯᠤᠰᠯᠠᠭᠰᠠᠨ ᠣᠷᠣᠨ ᠤ ᠵᠠᠮ ᠤᠨ ᠠᠶᠠᠨᠴᠢᠳ ᠤᠨ ᠲᠡᠭᠡᠭᠡᠪᠦᠷᠢ᠂ ᠠᠭᠠᠷ ᠠᠶᠠᠯᠠᠯ ᠤᠨ ᠵᠠᠮ ᠤᠨ ᠨᠥᠬᠦᠴᠡᠯ ᠤᠨ ᠨᠥᠯᠥᠭᠡᠯᠡᠯ ᠢ ᠦᠨᠡᠯᠡᠨ ᠬᠠᠮᠢᠶᠠᠷᠬᠤ ᠶᠢ ᠬᠠᠷᠢᠭᠤᠴᠠᠨ᠎ᠠ᠃ ᠪᠦᠬᠦ ᠬᠤᠰᠢᠭᠤᠨ ᠤ ᠶᠡᠷᠦᠩᠬᠡᠶᠢᠯᠡᠭᠰᠡᠨ ᠲᠡᠭᠡᠭᠡᠪᠦᠷᠢ ᠶᠢᠨ ᠰᠢᠰᠲ᠋ᠧᠮ ᠤᠨ ᠪᠦᠲᠦᠭᠡᠨ ᠪᠠᠶᠢᠭᠤᠯᠤᠯᠲᠠ ᠶᠢ ᠬᠠᠷᠢᠭᠤᠴᠠᠵᠤ ᠲᠡᠮᠦᠷ ᠵᠠᠮ ᠤᠨ ᠲᠡᠭᠡᠭᠡᠪᠦᠷᠢ᠂ ᠠᠭᠠᠷ ᠤᠨ ᠲᠡᠭᠡᠭᠡᠪᠦᠷᠢ ᠶᠢᠨ ᠵᠣᠬᠢᠴᠠᠭᠤᠯᠬᠤ ᠠᠵᠢᠯ ᠢ ᠡᠭᠦᠷᠭᠡᠯᠡᠨ᠎ᠡ᠃ ᠵᠠᠰᠠᠮᠠᠯ ᠵᠠᠮ ᠤᠰᠤᠨ ᠵᠠᠮ ᠤᠨ ᠲᠡᠭᠡᠭᠡᠪᠦᠷᠢ ᠶᠢᠨ ᠬᠥᠭᠵᠢᠯᠲᠡ ᠶᠢᠨ ᠲᠥᠯᠥᠪᠵᠢᠭᠦᠯᠭᠡ ᠶᠢ ᠲᠤᠭᠤᠷᠪᠢᠨ ᠲᠣᠭᠲᠠᠭᠠᠬᠤ ᠳᠤ ᠣᠷᠣᠯᠴᠠᠵᠤ ᠣᠩᠭᠤᠴᠠ ᠪᠣᠯᠤᠨ ᠤᠰᠤᠨ ᠳᠡᠭᠡᠷᠡᠬᠢ ᠬᠦᠪᠪᠦᠮᠡᠯ ᠲᠦᠬᠦᠭᠡᠷᠦᠮᠵᠢ ᠶᠢ ᠰᠢᠯᠭᠠᠨ ᠪᠠᠶᠢᠴᠠᠭᠠᠵᠤ ᠳᠠᠩᠰᠠᠯᠠᠬᠤ᠂ ᠤᠩᠭᠤᠴᠠᠨ ᠤ ᠬᠡᠰᠢᠬᠦᠨ ᠳᠤ ᠦᠨᠡᠮᠯᠡᠯ ᠣᠯᠭᠤᠬᠤ᠂ ᠤᠰᠤᠨ ᠳᠡᠭᠡᠷᠡᠬᠢ ᠪᠠ ᠤᠰᠤᠨ ᠳᠣᠤᠷᠠᠬᠢ ᠠᠵᠢᠯᠯᠠᠭ᠎ᠠ ᠳᠤ ᠬᠢᠨᠠᠯᠲᠠ ᠲᠠᠯᠪᠢᠵᠤ ᠬᠠᠮᠢᠶᠠᠷᠬᠤ ᠶᠢ ᠬᠠᠷᠢᠭᠤᠴᠠᠨ ᠵᠠᠰᠠᠮᠠᠯ ᠵᠠᠮ ᠤᠰᠤᠨ ᠵᠠᠮ ᠤᠨ ᠠᠶᠠᠨᠴᠢᠳ ᠤᠨ ᠲᠡᠭᠡᠭᠡᠪᠦᠷᠢ᠂ ᠪᠠᠷᠠᠭᠠᠨ ᠲᠡᠭᠡᠭᠡᠪᠦᠷᠢ᠂ ᠠᠶᠠᠨᠴᠢᠳ ᠪᠠᠷᠠᠭ᠎ᠠ ᠲᠡᠭᠡᠭᠡᠪᠦᠷᠢ ᠶᠢᠨ ᠦᠷᠲᠡᠭᠡᠨ ᠤ ᠡᠵᠡᠩᠨᠡᠯᠲᠡ᠂ ᠮᠠᠰᠢᠨ ᠬᠦᠳᠡᠯᠭᠡᠭᠦᠷᠲᠦ ᠲᠡᠷᠭᠡ ᠶᠢ ᠰᠡᠯᠪᠢᠨ ᠵᠠᠰᠠᠬᠤ᠂ ᠡᠵᠡᠩᠨᠡᠯᠲᠡ ᠶᠢᠨ ᠲᠡᠷᠭᠡᠨ ᠤ ᠶᠡᠷᠦᠩᠬᠡᠶᠢᠯᠡᠭᠰᠡᠨ ᠴᠢᠨᠠᠷᠲᠠᠶ ᠴᠢᠳᠠᠪᠬᠢ  ᠶᠢ ᠪᠠᠶᠢᠴᠠᠭᠠᠨ ᠬᠡᠮᠵᠢᠬᠦ᠂ ᠮᠠᠰᠢᠨ ᠬᠦᠳᠡᠯᠭᠡᠭᠦᠷᠲᠦ ᠲᠡᠷᠭᠡᠨ ᠤ ᠵᠢᠯᠣᠭᠤᠴᠢ ᠶᠢᠨ ᠪᠣᠯᠪᠠᠰᠤᠷᠠᠭᠤᠯᠤᠯ᠂ ᠠᠵᠢᠯᠯᠠᠭᠰᠠᠳ  ᠤᠨ ᠬᠠᠮᠢᠶᠠᠷᠤᠯᠲᠠ ᠵᠡᠷᠭᠡ ᠠᠵᠢᠯ ᠳᠤ ᠬᠢᠨᠠᠯᠲᠠ ᠲᠠᠯᠪᠢᠨ ᠵᠢᠯᠤᠭᠤᠳᠤᠨ᠎ᠠ᠃ ᠨᠡᠶᠢᠲᠡ ᠶᠢᠨ ᠮᠠᠰᠢᠨ ᠲᠡᠷᠭᠡ᠂ ᠲᠦᠷᠢᠶᠡᠰᠦᠨ ᠮᠠᠰᠢᠨ ᠲᠡᠷᠭᠡ᠂ ᠮᠠᠰᠢᠨ ᠲᠡᠷᠭᠡ ᠲᠦᠷᠢᠶᠡᠰᠦᠯᠡᠬᠦ᠂ ᠰᠦᠯᠵᠢᠶᠡᠨ ᠳᠡᠭᠡᠷ᠎ᠡ ᠲᠡᠷᠭᠡ ᠪᠣᠯᠵᠣᠬᠤ ᠵᠡᠷᠭᠡ ᠬᠤᠲᠠ ᠶᠢᠨ ᠠᠶᠠᠨᠴᠢᠳ ᠤᠨ ᠲᠡᠭᠡᠭᠡᠪᠦᠷᠢ ᠶᠢᠨ ᠬᠠᠮᠢᠶᠠᠷᠤᠯᠲᠠ ᠶᠢ ᠵᠢᠯᠣᠭᠤᠳᠤᠨ᠎ᠠ᠃ ᠭᠤᠣᠯᠳᠠᠯᠭ᠎ᠠ ᠲᠠᠢ ᠡᠳ᠋ ᠪᠠᠷᠠᠭ᠎ᠠ᠂ ᠠᠶᠠᠨᠴᠢᠳ ᠤᠨ ᠪᠠᠴᠢᠮ ᠪᠠᠷᠠᠭᠠᠨ ᠤ ᠲᠡᠭᠡᠭᠡᠪᠦᠷᠢ ᠶᠢ ᠵᠤᠬᠢᠶᠠᠨ ᠪᠠᠶᠢᠭᠤᠯᠵᠤ ᠵᠤᠬᠢᠴᠠᠭᠤᠯᠤᠨ᠎ᠠ᠃ ᠠᠭᠠᠷ ᠠᠶᠠᠯᠠᠯ ᠤᠨ ᠵᠠᠮ᠂ ᠣᠯᠣᠮ᠂ ᠭᠠᠷᠠᠮ ᠤᠨ  ᠠᠷᠠᠴᠢᠯᠠᠨ ᠬᠠᠮᠠᠭᠠᠯᠠᠬᠤ ᠠᠵᠢᠯ ᠢ ᠵᠢᠯᠣᠭᠤᠳᠴᠤ ᠤᠰᠤᠨ ᠳᠡᠭᠡᠷᠡᠬᠢ ᠵᠠᠮ ᠬᠠᠷᠢᠯᠴᠠᠭᠠᠨ ᠤ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ ᠤᠰᠤᠨ ᠳᠡᠭᠡᠷᠡᠬᠢ ᠵᠠᠮ ᠬᠠᠷᠢᠯᠴᠠᠭᠠᠨ ᠤ ᠵᠠᠬᠢᠷᠤᠨ ᠬᠠᠮᠢᠶᠠᠷᠬᠤ᠂ ᠴᠢᠮᠡᠭᠡ ᠬᠤᠯᠪᠣᠭ᠎ᠠ ᠪᠠᠷ ᠵᠠᠮᠴᠢᠯᠠᠬᠤ᠂ ᠠᠪᠤᠷᠠᠨ ᠲᠤᠰᠠᠯᠠᠵᠤ ᠱᠦᠭᠦᠬᠦ ᠵᠡᠷᠭᠡ ᠠᠵᠢᠯ ᠢ ᠵᠢᠯᠣᠭᠤᠳᠤᠨ᠎ᠠ᠃ ᠲᠣᠰ ᠭᠠᠵᠠᠷ ᠣᠷᠣᠨ ᠤ ᠪᠠᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠵᠠᠮ ᠬᠠᠷᠢᠯᠴᠠᠭᠠᠨ ᠤ ᠲᠣᠤᠷ ᠰᠦᠯᠵᠢᠶ᠎ᠡ ᠶᠢᠨ ᠪᠠᠶᠢᠷᠢᠯᠠᠭᠤᠯᠤᠯᠲᠠ ᠶᠢ ᠲᠥᠯᠥᠪᠵᠢᠭᠦᠯᠬᠦ ᠶᠢ ᠬᠠᠷᠢᠭᠤᠴᠠᠵᠤ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠵᠠᠮ ᠬᠠᠷᠢᠯᠴᠠᠭᠠᠨ ᠤ ᠪᠠᠲᠤᠯᠠᠭ᠎ᠠ ᠶᠢᠨ ᠡᠩᠨᠡᠭᠡ ᠶᠢ ᠵᠣᠬᠢᠶᠠᠨ ᠪᠠᠶᠢᠭᠤᠯᠵᠤ ᠵᠠᠮ ᠬᠠᠷᠢᠯᠴᠠᠭᠠᠨ ᠤ ᠲᠡᠭᠡᠭᠡᠪᠦᠷᠢ ᠶᠢᠨ ᠬᠦᠴᠦᠨ ᠢ ᠪᠠᠲᠤᠯᠠᠨ᠎ᠠ᠃ ᠲᠤᠰ ᠭᠠᠵᠠᠷ ᠣᠷᠣᠨ ᠤ ᠪᠠᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠵᠠᠮ ᠬᠠᠷᠢᠯᠴᠠᠭᠠᠨ ᠤ ᠡᠳ᠋ ᠪᠣᠳᠠᠰ ᠢ ᠨᠥᠭᠡᠴᠡᠯᠡᠬᠦ ᠲᠥᠯᠥᠪᠯᠡᠭᠡ ᠶᠢ ᠲᠤᠭᠲᠠᠭᠠᠬᠤ ᠪᠠ ᠬᠡᠷᠡᠭᠵᠢᠭᠦᠯᠵᠦ᠂ ᠤᠯᠤᠰ ᠤᠨ ᠵᠠᠮ ᠬᠠᠷᠢᠯᠴᠠᠭᠠᠨ ᠤ ᠪᠡᠯᠡᠳᠬᠡᠯ ᠡᠳ᠋ ᠪᠣᠳᠠᠰ ᠢ ᠲᠤᠬᠢᠷᠠᠭᠤᠯᠤᠨ ᠬᠡᠷᠡᠭᠯᠡᠨ᠎ᠡ᠃       ᠲᠠᠪᠤᠳᠤᠭᠠᠷ ᠵᠤᠷᠪᠤᠰ  ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠤᠪᠴᠢᠶᠠᠨ ᠤ ᠠᠯᠪᠠᠨ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠣᠷᠣᠨ ᠲᠤᠭ᠎ᠠ 8 ᠨᠡᠷᠡᠰ ᠪᠠᠶᠢᠵᠤ᠂ 1 ᠲᠣᠪᠴᠢᠶᠠᠨ ᠳᠠᠷᠤᠭ᠎ᠠ᠂ 3 ᠲᠣᠪᠴᠢᠶᠠᠨ ᠳᠡᠳ᠋ ᠳᠠᠷᠤᠭ᠎ᠠ ᠲᠣᠬᠢᠷᠠᠭᠤᠯᠵᠠᠢ᠃      ᠵᠢᠷᠭᠤᠳᠤᠭᠠᠷ ᠵᠤᠷᠪᠤᠰ  ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶᠠᠨ ᠤ ᠬᠠᠷᠢᠶᠠᠲᠤ ᠠᠵᠢᠯ ᠦᠢᠯᠡᠰ ᠤᠨ ᠨᠢᠭᠡᠴᠢ ᠶᠢᠨ ᠲᠤᠬᠢᠷᠠᠭᠤᠯᠤᠯᠲᠠ᠂ ᠡᠭᠦᠷᠭᠡ ᠬᠠᠷᠢᠭᠤᠴᠠᠯᠭ᠎ᠠ ᠪᠣᠯᠤᠨ ᠣᠷᠣᠨ ᠲᠤᠭ᠎ᠠ ᠶᠢᠨ ᠶᠠᠪᠤᠳᠠᠯ ᠢ ᠠᠰᠳᠠᠭᠠᠨ ᠲᠤᠭᠲᠠᠭᠠᠪᠠ᠃      ᠳᠣᠯᠣᠳᠤᠭᠠᠷ ᠵᠤᠷᠪᠤᠰ   ᠲᠤᠰ ᠲᠣᠭᠲᠠᠭᠠᠯ ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠦᠤᠰᠢᠨ ᠬᠤᠰᠢᠭᠤᠨ ᠤ ᠬᠤᠷᠢᠶ᠎ᠠ ᠶᠢᠨ ᠪᠠᠶᠢᠭᠤᠯᠤᠮᠵᠢ ᠶᠢᠨ ᠣᠷᠣᠨ ᠲᠤᠭᠠᠨ ᠤ ᠵᠥᠪᠯᠡᠯ ᠤᠨ ᠠᠯᠪᠠᠨ ᠭᠡᠷ ᠠᠴᠠ ᠬᠠᠷᠢᠭᠤᠴᠠᠨ ᠲᠠᠶᠢᠯᠪᠤᠷᠢᠯᠠᠨ᠎ᠠ᠂ ᠲᠣᠬᠢᠷᠠᠭᠤᠯᠤᠯᠲᠠ ᠶᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠦᠤᠰᠢᠨ ᠬᠤᠰᠢᠭᠤᠨ ᠤ ᠬᠤᠷᠢᠶ᠎ᠠ ᠶᠢᠨ ᠪᠠᠶᠢᠭᠤᠯᠤᠮᠵᠢ ᠶᠢᠨ ᠣᠷᠣᠨ ᠲᠤᠭᠠᠨ ᠤ ᠵᠥᠪᠯᠡᠯ ᠤᠨ ᠠᠯᠪᠠᠨ ᠭᠡᠷ ᠲᠤᠭᠲᠠᠭᠰᠠᠨ ᠶᠠᠪᠤᠴᠠ ᠪᠠᠷ ᠬᠦᠢᠴᠡᠳᠭᠡᠨ᠎ᠡ᠃      ᠨᠠᠢᠮᠠᠳᠤᠭᠠᠷ ᠵᠤᠷᠪᠤᠰ   ᠲᠤᠰ ᠲᠣᠭᠲᠠᠭᠠᠯ   ᠢ 2019 ᠤᠨ ᠤ 3 ᠳ᠋ᠤᠭᠠᠷ ᠰᠠᠷ᠎ᠠ ᠶᠢᠨ 27 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃      ᠠᠯᠪᠠᠯᠠᠬᠤ ᠭᠠᠵᠠᠷ᠄ ᠰᠠᠶᠢᠬᠠᠨ ᠵᠠᠮ ᠤᠨ ᠠᠷᠤ ᠳᠠᠬᠢ ᠦᠤᠰᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶᠠᠨ ᠤ ᠠᠯᠪᠠᠯᠠᠬᠤ ᠠᠰᠠᠷ     ᠠᠯᠪᠠᠨ ᠤᠲᠠᠰᠤ᠄ 0477 — 7582271     ᠰᠢᠤᠳᠠᠨ  ᠨᠤᠮᠧᠷ᠄ 017300     ᠠᠵᠢᠯᠯᠠᠬᠤ ᠴᠠᠭ᠄ ᠠᠵᠢᠯᠯᠠᠬᠤ ᠡᠳᠦᠷ ᠤᠨ ᠦᠳᠡ ᠶᠢᠨ ᠡᠮᠦᠨ᠎ᠡ 8᠄ 30 — 12᠄ 00᠂ ᠦᠳᠡ ᠶᠢᠨ ᠬᠤᠶᠢᠨ᠎ᠠ 14᠄ 30 —  17᠄ 30
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号