ᠤᠯᠠᠭᠠᠨᠲᠤᠯᠤᠭᠠᠢ ᠪᠠᠯᠭᠠᠰᠤ ᠬᠤᠶᠠᠳᠤᠭᠠᠷ ᠪᠦᠯᠦᠭ ︽ᠤᠭ ᠰᠠᠨᠠᠭ᠎ᠠ ᠪᠠᠨ ᠦᠯᠦ ᠮᠠᠷᠲᠠᠵᠤ ᠡᠭᠦᠷᠭᠡ | ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ ᠭᠤᠤᠯ ᠰᠡᠳᠦᠪᠲᠦ ᠬᠥᠮᠦᠵᠢᠯ ᠢ ᠥᠷᠨᠢᠭᠦᠯᠦᠭᠰᠡᠨ ᠠᠴᠠ ᠨᠠᠰᠢ ᠮᠠᠯᠴᠢᠨ | ᠲᠠᠷᠢᠶᠠᠴᠢᠨ ᠨᠠᠮ ᠤᠨ ᠭᠡᠰᠢᠬᠦᠳ ᠤᠨ ᠬᠦᠮᠣᠵᠢᠯ ᠰᠤᠷᠤᠯᠴᠠᠯᠭ᠎ᠠ ᠢ ᠴᠢᠬᠤᠯᠠᠴᠢᠯᠠᠨ ᠦᠵᠡᠵᠣ ᠨᠠᠰᠤ ᠠᠬᠠᠰᠢᠷᠠᠵᠤ | ᠪᠡᠶ᠎ᠡ ᠮᠠᠭᠤᠳᠠᠨ ᠬᠥᠳᠡᠯᠵᠦ ᠶᠠᠪᠣᠬᠤ ᠳᠤ ᠳᠥᠭᠦᠮ ᠦᠭᠡᠢ᠂ ᠰᠣᠶᠣᠯ ᠤᠨ ᠬᠡᠮᠵᠢᠶ᠎ᠠ ᠲᠤᠤᠷ᠎ᠠ ᠵᠡᠷᠭᠡ ᠨᠠᠮ ᠤᠨ | ᠭᠡᠰᠢᠬᠦᠳ ᠤᠨ ᠬᠦᠮᠣᠵᠢᠯ ᠬᠦᠷᠳᠡᠨ ᠰᠤᠷᠤᠯᠴᠠᠬᠤ ᠳᠤ ᠳᠦᠬᠦᠮ ᠦᠵᠡᠬᠦᠯᠬᠦ ᠪᠠᠷ ᠭᠤᠣᠯ ᠰᠡᠳᠣᠪᠳᠣ ᠬᠦᠮᠣᠵᠢᠯ | ᠤᠨ ︽ᠪᠢᠴᠢᠬᠠᠨ ᠯᠠᠪᠠᠷ︾ ᠢ ᠦᠢᠯᠡᠳᠦᠨ ᠲᠠᠷᠬᠠᠭᠠᠵᠤ ᠨᠠᠮ ᠤᠨ ᠳᠠᠭᠤᠨ ᠬᠤᠭᠤᠯᠠᠢ ᠶᠢ ᠴᠠᠭ ᠳᠠᠷᠣᠢ ᠳᠤ ᠨᠢ | ᠥᠷᠭᠡᠨ ᠣᠯᠠᠨ ᠮᠠᠯᠴᠢᠨ ᠲᠠᠷᠢᠶᠠᠴᠢᠳ ᠲᠤ ᠰᠣᠨᠣᠰᠬᠠᠵᠣ ᠴᠢᠳᠡᠯᠡ᠃ | ᠤᠶᠢᠷ᠎ᠠ ᠶᠢᠨ ᠡᠳᠦᠷ᠂ ᠣᠯᠠᠭᠠᠨᠳᠣᠯᠣᠭᠠᠢ ᠪᠠᠯᠭᠠᠰᠣᠨ ᠤ ᠭᠤᠣᠯ ᠰᠡᠳᠣᠪᠳᠣ ᠬᠦᠮᠣᠵᠢᠯ ᠤᠨ ᠪᠠᠭ᠎ᠠ | ᠳᠣᠭᠤᠶᠢᠯᠠᠩ ᠤᠨ ᠬᠢᠨ ᠪᠠᠶ᠋ᠬᠠᠤᠪᠤᠭ᠎ᠠ ᠭᠠᠴᠠᠭᠠᠨ ᠤ 82 ᠨᠠᠰᠤᠲᠠᠶ ᠠᠬᠠᠮᠠᠳ ᠨᠠᠮ ᠤᠨ ᠭᠡᠰᠢᠭᠦᠨ ᠪᠤᠷᠤᠴᠢᠯᠠᠭᠤ | ᠨᠠᠰᠤᠲᠠᠨ ᠤ ᠭᠡᠷ ᠲᠤ ᠬᠦᠷᠴᠣ ᠭᠤᠣᠯ ᠰᠡᠳᠣᠪᠳᠣ ᠬᠦᠮᠣᠵᠢᠯ ᠤᠨ ︽ᠪᠢᠴᠢᠬᠠᠨ ᠯᠠᠪᠠᠷ︾ ᠢ ᠬᠦᠷᠭᠡᠭᠰᠡᠨ ᠤ | ᠬᠠᠮᠳᠣ ᠭᠡᠷᠡᠭᠯᠡᠬᠦ ᠠᠷᠭ᠎ᠠ᠂ ᠣᠶᠢᠯᠡᠳᠣᠯ ᠭᠡᠷᠡᠭᠴᠡᠭᠡ ᠶᠢ ᠵᠢᠭᠠᠨ ᠦᠭᠴᠣ ᠶᠠᠪᠤᠵᠤ ᠬᠦᠳᠡᠯᠬᠦ ᠳᠤ ᠲᠦᠬᠦᠮ ᠦᠬᠡᠢ | ᠪᠣᠯᠣᠭᠰᠠᠨ ᠳᠡᠬᠦᠨ ᠳᠤ ᠳᠣᠶᠢᠯ ᠶᠡᠭᠡ ᠳᠦᠬᠦᠮ ᠢ ᠠᠪᠴᠢᠷᠠᠯ᠎ᠠ᠃ | ᠭᠤᠣᠯ ᠰᠡᠳᠣᠪᠳᠣ ᠬᠦᠮᠣᠵᠢᠯ ᠤᠨ ︽ᠪᠢᠴᠢᠬᠠᠨ ᠯᠠᠪᠠᠷ︾ ᠢ ᠣᠯᠠᠭᠠᠨᠳᠣᠯᠣᠭᠠᠢ ᠪᠠᠯᠭᠠᠰᠣᠨ ᠤ ᠨᠠᠮ ᠤᠨ | ᠬᠤᠷᠢᠶ᠎ᠠ᠂ ᠵᠠᠰᠠᠭ ᠤᠨ ᠣᠷᠳᠣᠨ ᠠᠴᠠ ᠳᠣᠰᠬᠠᠢ ᠮᠣᠩᠭᠤᠯ ᠬᠢᠳᠡᠳ ᠬᠤᠣᠰ ᠬᠡᠯᠡᠨ ᠤ ᠠᠵᠢᠯᠳᠡᠨ ᠳᠣᠬᠢᠷᠠᠭᠤᠯᠣᠨ | ᠨᠠᠮ ᠤᠨ ᠲᠥᠷᠥ ᠶᠢᠨ ᠪᠣᠳᠣᠯᠭ᠎ᠠ᠂ ᠣᠨᠣᠯ᠂ ᠴᠠᠭ ᠤᠨ ᠪᠠᠶᠢᠳᠠᠯ᠂ ᠬᠠᠥᠯᠢ ᠳᠦᠷᠢᠮ᠂ ᠮᠠᠯ ᠲᠠᠷᠢᠶᠠᠯᠠᠩ ᠵᠡᠷᠭᠡ | ᠤᠯᠠᠨ ᠲᠠᠯ᠎ᠠ ᠢ ᠬᠠᠮᠣᠷᠣᠭᠰᠠᠨ ᠪᠣᠳᠡᠳᠣ ᠠᠭᠤᠯᠭ᠎ᠠ ᠪᠣᠯᠣᠨ ᠰᠦᠯᠵᠢᠶᠠᠨ ᠠᠴᠠ ᠴᠢᠨᠠᠷ ᠰᠠᠶᠢᠲᠠᠶ ᠨᠠᠮ ᠤᠨ ᠭᠡᠴᠢᠶᠡᠯ | ᠬᠦᠮᠦᠵᠢᠯ ᠤᠨ ᠳᠠᠶᠢᠯᠣᠮᠵᠢ ᠢ ᠪᠠᠭᠤᠯᠭᠠᠨ ᠰᠢᠩᠭᠡᠭᠡᠨ ᠦᠢᠯᠡᠳᠴᠦ ᠪᠦᠬᠦ ᠪᠠᠯᠭᠠᠰᠣᠨ ᠤ ᠨᠡᠮ ᠤᠨ ᠭᠡᠰᠢᠬᠦᠳ ᠲᠤ | ᠬᠦᠮᠣᠵᠢᠯ ᠬᠦᠷᠳᠡᠬᠡᠨ ᠰᠣᠷᠣᠯᠴᠠᠭᠤᠯᠬᠤ ᠶᠢᠨ ᠬᠠᠮᠳᠣ ᠮᠠᠯᠴᠢᠨ ᠲᠠᠷᠢᠶᠠᠴᠢᠨ ᠨᠠᠮ ᠤᠨ ᠭᠡᠰᠢᠭᠦᠣᠨ ᠲᠤ ᠳᠠᠷᠬᠠᠭᠠᠵᠣ | ᠬᠦᠮᠣᠵᠢᠯ ᠰᠤᠷᠤᠯᠴᠠᠯᠭ᠎ᠠ ᠳᠤ ᠳᠣᠰᠠᠯᠠᠨ ᠭᠤᠤᠯ ᠰᠡᠳᠦᠪᠲᠦ ᠬᠥᠮᠦᠵᠢᠯ ᠤᠨ ᠠᠵᠢᠯᠯᠠᠭ᠎ᠠ ᠶᠢ | ᠦᠢᠯᠡᠳᠦᠯᠭᠡᠵᠢᠬᠦᠯᠦᠭᠰᠡᠨ ᠪᠣᠳᠡᠳᠡᠢ ᠵᠢᠱᠢᠶ᠎ᠠ ᠪᠣᠯᠣᠭᠰᠠᠨ ᠪᠠᠶᠢᠨ᠎ᠠ᠃ | ᠣᠯᠠᠭᠠᠨᠳᠣᠯᠣᠭᠠᠢ ᠪᠠᠯᠭᠠᠰᠣ ᠨᠢ ᠣᠳᠣᠬᠠᠨ ᠪᠣᠯᠳᠠᠯ᠎ᠠ ᠨᠠᠰᠤ ᠠᠬᠠᠰᠢᠷᠠᠵᠤ ᠪᠡᠶ᠎ᠡ ᠮᠠᠭᠤᠳᠠᠨ᠂ ᠬᠥᠳᠡᠯᠵᠦ | ᠶᠠᠪᠣᠬᠤ ᠳᠤ ᠳᠥᠭᠦᠮ ᠦᠭᠡᠢ᠂ ᠰᠣᠶᠣᠯ ᠤᠨ ᠬᠡᠮᠵᠢᠶ᠎ᠠ ᠲᠤᠤᠷ᠎ᠠ ᠵᠡᠷᠭᠡ ᠨᠠᠮ ᠤᠨ ᠭᠡᠰᠢᠬᠦᠳ ᠲᠤ ᠭᠤᠣᠯ ᠰᠡᠳᠣᠪᠳᠣ | ᠬᠦᠮᠣᠵᠢᠯ ᠤᠨ ︽ ᠪᠢᠴᠢᠬᠠᠨ ᠯᠠᠪᠠᠷ︾ ᠢ 200 ᠭᠠᠷᠣᠢ ᠲᠠᠷᠬᠠᠭᠠᠭᠰᠠᠨ ᠪᠠᠶᠢᠨ᠎ᠠ᠃ |