ᠰᠢᠨᠬᠤᠸᠠ ᠬᠤᠷᠢᠶᠠᠨ ᠤ ᠪᠡᠭᠡᠵᠢᠩ ᠤᠨ 12 ᠰᠠᠷ᠎ᠠ ᠶᠢᠨ 23 ᠤ ᠴᠠᠬᠢᠯᠭᠠᠨ ᠮᠡᠳᠡᠭᠡ ︵ᠰᠤᠷᠪᠤᠯᠵᠢᠯᠠᠬᠴᠢ | ᠰᠦᠨ ᠢ︶ ᠤᠯᠤᠰ ᠤᠨ ᠲᠡᠷᠢᠬᠦᠯᠡᠭᠴᠢ ᠰᠢ ᠶᠢᠨ ᠫᠢᠩ 23 ᠤ ᠡᠳᠤᠷ ᠠᠷᠠᠳ ᠤᠨ ᠶᠡᠭᠡ ᠬᠤᠷᠡᠯ ᠤᠨ ᠲᠠᠩᠬᠢᠮ ᠳᠤ | ᠺᠤᠷᠢᠶᠠ ᠶᠢᠨ ᠶᠡᠷᠤᠩᠬᠡᠶᠢᠯᠡᠭᠴᠢ ᠸᠧᠨ ᠽᠠᠢ ᠶᠢᠨ ᠲᠠᠢ ᠠᠭᠤᠯᠵᠠᠪᠠ᠃ | ᠰᠢ ᠶᠢᠨ ᠫᠢᠩ ᠡᠩ ᠲᠠᠷᠢᠬᠦᠨ ᠳᠤ ᠸᠧᠨ ᠽᠠᠢ ᠶᠢᠨ ᠤ ᠨᠠᠢᠮᠠᠳᠤᠭᠠᠷ ᠤᠳᠠᠭ᠎ᠠ ᠶᠢᠨ ᠲᠤᠮᠳᠠᠳᠤ ᠶᠠᠫᠤᠨ | ᠺᠤᠷᠢᠶᠠ ᠶᠢᠨ ᠤᠳᠤᠷᠢᠳᠬᠤ ᠬᠦᠮᠤᠰ ᠤᠨ ᠬᠤᠷᠡᠯ ᠳᠤ ᠤᠷᠤᠯᠴᠠᠬᠤ ᠪᠠᠷ ᠲᠤᠮᠳᠠᠳᠤ ᠤᠯᠤᠰ ᠲᠤ ᠢᠷᠡᠭᠰᠡᠡ ᠢ | ᠪᠠᠶᠠᠷᠯᠠᠨ ᠤᠬᠳᠤᠪᠠ᠃ ᠰᠢ ᠶᠢᠨ ᠫᠢᠩ᠂ ᠲᠤᠮᠳᠠᠳᠤ ᠺᠤᠷᠢᠶᠠ ᠪᠤᠯ ᠠᠽᠢᠶ᠎ᠠ ᠲᠢᠪ ᠴᠢᠨᠠᠭᠰᠢᠯᠠᠪᠠᠯ ᠲᠡᠯᠡᠬᠡᠢ ᠲᠡᠬᠡᠷ᠎ᠡ | ᠨᠡᠷ᠎ᠡ ᠬᠦᠨᠳᠦ ᠲᠠᠢ᠂ ᠨᠦᠯᠥᠬᠡ ᠲᠤᠰᠬᠠᠯ ᠲᠠᠢ ᠴᠢᠬᠤᠯᠠ ᠤᠯᠤᠰ ᠪᠤᠯᠤᠨ᠎ᠠ᠂ ᠬᠤᠶᠠᠷ ᠤᠯᠤᠰ ᠢᠶᠠᠷ ᠢᠶᠠᠨ ᠬᠤᠶᠠᠷ | ᠲᠠᠯ᠎ᠠ ᠶᠢᠨ ᠬᠠᠷᠢᠯᠴᠠᠭ᠎ᠠ ᠶᠢᠨ ᠨᠡᠩ ᠰᠠᠶᠢᠨ ᠬᠦᠭᠵᠢᠯᠳᠡ ᠲᠠᠢ ᠪᠤᠯᠬᠤ ᠶᠢ ᠠᠬᠢᠭᠤᠯᠬᠤ᠂ ᠭᠠᠵᠠᠷ ᠤᠷᠤᠨ ᠤ ᠡᠩᠬᠡ | ᠲᠠᠶᠢᠪᠤᠩ ᠲᠤᠭᠳᠠᠭᠤᠨ ᠬᠦᠭᠵᠢᠯ ᠴᠡᠴᠡᠭᠯᠡᠯ ᠢ ᠠᠬᠢᠭᠤᠯᠬᠤ᠂ ᠤᠯᠠᠨ ᠲᠠᠯᠠᠳᠤ ᠦᠵᠡᠯ ᠪᠤᠯᠤᠨ ᠴᠢᠯᠥᠬᠡᠳᠤ | ᠠᠷᠠᠯᠵᠢᠶᠠᠨ ᠤ ᠪᠠᠶᠢᠭᠤᠯᠤᠮᠵᠢ ᠶᠢ ᠬᠠᠮᠠᠭᠠᠯᠠᠬᠤ ᠲᠠᠯ᠎ᠠ ᠪᠠᠷ ᠦᠷᠬᠡᠨ ᠲᠡᠯᠬᠡᠷ ᠬᠠᠮᠳᠤ ᠶᠢᠨ ᠲᠠᠨᠢᠯᠳᠡ ᠲᠠᠢ ᠪᠤᠯᠵᠥ᠂ | ᠨᠢᠬᠳᠠ ᠬᠠᠮᠳᠤᠷᠠᠯᠴᠠᠭᠠᠨ ᠤ ᠨᠠᠶᠢᠵᠠ ᠪᠠ ᠬᠠᠨᠢᠳᠠᠨ ᠪᠤᠯᠤᠭᠰᠠᠭᠠᠷ ᠢᠷᠡᠵᠠᠢ᠃ ᠦᠩᠬᠡᠷᠡᠭᠰᠡᠡ ᠬᠤᠶᠠᠷ ᠵᠢᠯ | ᠭᠠᠷᠤᠢ ᠶᠢᠨ ᠲᠤᠷᠰᠢ᠂ ᠲᠤᠮᠳᠠᠳᠤ ᠺᠤᠷᠢᠶᠠ ᠶᠢᠨ ᠬᠠᠷᠢᠯᠴᠠᠭ᠎ᠠ ᠲᠤᠭᠳᠠᠭᠤᠨ ᠢᠶᠠᠷ ᠬᠦᠭᠵᠢᠬᠦ ᠶᠡᠭᠡ ᠴᠢᠭᠯᠡᠯ ᠢᠶᠠᠨ | ᠪᠠᠳᠤᠯᠠᠪᠠ᠃ ᠤᠳᠤ ᠶᠢᠨ ᠲᠡᠯᠡᠬᠡᠢ ᠶᠢᠷᠳᠢᠨᠴᠦ ᠵᠠᠭᠤᠨ ᠵᠢᠯ ᠳᠤ ᠭᠠᠷᠤᠭᠠᠳᠤᠢ ᠶᠡᠭᠡ ᠬᠤᠪᠢᠰᠤᠯᠳᠡ ᠳᠤ ᠲᠤᠯᠭᠠᠷᠠᠵᠤ | ᠪᠠᠶᠢᠭ᠎ᠠ ᠪᠠᠶᠢᠳᠠᠯ ᠲᠤᠤᠷ᠎ᠠ᠂ ᠲᠤᠮᠳᠠᠳᠤ ᠺᠤᠷᠢᠶᠠ ᠪᠠᠶᠢᠯᠳᠤᠬᠤ ᠪᠤᠳᠤᠯᠭ᠎ᠠ ᠶᠢᠨ ᠬᠠᠮᠳᠤᠷᠠᠯᠴᠠᠭᠠᠨ ᠤ ᠬᠠᠨᠢᠳᠠᠨ ᠤ | ᠬᠠᠷᠢᠯᠴᠠᠭ᠎ᠠ ᠪᠠᠨ ᠬᠦᠨᠵᠡᠬᠡᠶᠢᠷᠡᠬᠦᠯᠥᠨ ᠬᠦᠭᠵᠢᠬᠦᠯᠵᠥ᠂ ᠲᠤᠰ ᠲᠤᠰ ᠤᠨ ᠭᠤᠤᠯᠯᠠᠬᠴᠢ ᠠᠰᠢᠬ ᠲᠤᠰᠠ ᠪᠠ | ᠠᠩᠬᠠᠷᠴᠦ ᠪᠠᠶᠢᠭ᠎ᠠ ᠴᠢᠬᠤᠯᠠ ᠶᠡᠭᠡ ᠠᠰᠠᠭᠤᠳᠠᠯ ᠤᠨ ᠲᠠᠯ᠎ᠠ ᠪᠠᠷ ᠬᠠᠷᠢᠯᠴᠠᠨ ᠬᠠᠷᠠᠭᠠᠯᠵᠠᠵᠥ᠂ ᠬᠤᠶᠠᠷ ᠲᠠᠯ᠎ᠠ ᠶᠢᠨ | ᠬᠠᠷᠢᠯᠴᠠᠭ᠎ᠠ ᠶᠢᠨ ᠨᠡᠩ ᠦᠨᠳᠤᠷ ᠲᠦᠪᠰᠢᠨ ᠳᠤ ᠭᠠᠷᠬᠤ ᠶᠢ ᠠᠬᠢᠭᠤᠯᠪᠠᠯ ᠵᠤᠬᠢᠨ᠎ᠠ ᠬᠡᠵᠥ ᠵᠢᠭᠠᠵᠥ ᠭᠠᠷᠭᠠᠪᠠ᠃ | ᠰᠢ ᠶᠢᠨ ᠫᠢᠩ᠂ ᠬᠤᠶᠠᠷ ᠲᠠᠯ᠎ᠠ ᠪᠠᠷ ᠢᠶᠠᠨ ᠴᠢᠨᠠᠷ ᠰᠠᠶᠢᠳᠠᠢ ᠪᠠᠷ ᠠᠭᠤᠰᠤᠯᠴᠠᠨ ᠬᠦᠭᠵᠢᠬᠦ ᠬᠠᠷᠠᠯᠳᠠ ᠶᠢ | ᠪᠠᠶᠠᠯᠡᠬᠦᠯᠵᠥ᠂ ᠲᠠᠯᠳᠠ ᠬᠦᠴᠦᠨ ᠢᠶᠠᠨ ᠴᠢᠨᠠᠬᠰᠢᠳᠠ ᠠᠭᠤᠳᠠᠯᠤᠨ᠂ ᠪᠤᠳᠠᠳᠠᠢ ᠶᠢ ᠡᠷᠬᠢᠮᠯᠡᠬᠦ ᠬᠠᠮᠳᠤᠷᠠᠯᠴᠠᠭᠠᠨ ᠤ | ᠲᠦᠪᠰᠢᠨ ᠢᠶᠠᠨ ᠲᠡᠭᠡᠭᠰᠢᠯᠡᠬᠦᠯᠤᠶᠠ᠃ ᠬᠤᠶᠠᠷ ᠲᠠᠯ᠎ᠠ ᠪᠠᠷ ᠢᠶᠠᠨ ︽ᠨᠢᠬᠡ ᠪᠦᠰᠡ ᠨᠢᠬᠡ ᠵᠠᠮ︾ ᠢ ᠬᠠᠮᠳᠤ ᠪᠠᠷ | ᠪᠦᠳᠦᠬᠡᠨ ᠪᠠᠶᠢᠭᠤᠯᠬᠤ ᠰᠠᠨᠠᠭᠠᠴᠢᠯᠠᠭ᠎ᠠ ᠶᠢ ᠺᠤᠷᠢᠶᠠ ᠶᠢᠨ ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠶᠢᠨ | ᠲᠦᠯᠥᠪᠵᠢᠬᠦᠯᠬᠡ ᠲᠠᠢ ᠵᠤᠯᠭᠠᠭᠤᠯᠵᠥ ᠡᠷᠳᠡᠬᠡᠨ ᠪᠤᠳᠠᠳᠤ ᠠᠮᠵᠢᠯᠳᠠ ᠤᠯᠬᠤ ᠶᠢ ᠠᠬᠢᠭᠤᠯᠵᠥ᠂ ᠬᠤᠶᠠᠷ ᠲᠠᠯ᠎ᠠ ᠶᠢᠨ | ᠴᠢᠯᠥᠬᠡᠳᠤ ᠠᠷᠠᠯᠵᠢᠶᠠᠨ ᠤ ᠬᠡᠯᠡᠯᠴᠡᠭᠡᠷ ᠤᠨ ᠬᠤᠶᠠᠳᠤᠭᠠᠷ ᠱᠠᠳᠤᠨ ᠤ ᠬᠡᠯᠡᠯᠴᠡᠭᠡ ᠶᠢ ᠲᠦᠷᠬᠡᠳᠬᠡᠨ᠂ ᠰᠢᠨ᠎ᠡ ᠶᠢ | ᠡᠬᠦᠳᠴᠦ ᠰᠤᠳᠤᠯᠤᠨ ᠬᠦᠭᠵᠢᠬᠦᠯᠬᠦ ᠬᠠᠮᠳᠤᠷᠠᠯᠴᠠᠭ᠎ᠠ ᠪᠠᠨ ᠬᠦᠨᠵᠡᠬᠡᠶᠢᠷᠡᠬᠦᠯᠵᠥ᠂ ᠲᠠᠪᠠᠭᠤᠯᠢᠭ ᠢᠶᠠᠨ ᠬᠠᠷᠢᠯᠴᠠᠨ | ᠨᠦᠬᠦᠪᠦᠷᠢᠯᠡᠬᠦ ᠪᠠ ᠦᠷ᠎ᠡ ᠪᠦᠳᠦᠬᠡᠯ ᠢᠶᠠᠨ ᠬᠠᠮᠳᠤ ᠪᠠᠷ ᠡᠳ᠋ᠯᠡᠬᠦ ᠶᠢ ᠰᠠᠶᠢᠳᠤᠷ ᠪᠡᠶᠡᠯᠡᠬᠦᠯᠥᠶᠡ᠃ ᠲᠤᠮᠳᠠᠳᠤ | ᠺᠤᠷᠢᠶᠠ ᠶᠢᠨ ᠰᠤᠶᠤᠯ ᠢᠷᠬᠡᠨᠰᠢᠯ ᠢ ᠠᠬᠢᠭᠤᠯᠬᠤ ᠵᠦᠪᠯᠡᠯ ᠤᠨ ᠲᠠᠪᠴᠠᠩ ᠢ ᠰᠠᠶᠢᠳᠤᠷ ᠠᠰᠢᠬᠯᠠᠨ᠂ ᠰᠤᠷᠭᠠᠨ | ᠬᠦᠮᠥᠵᠢᠯ᠂ ᠪᠡᠶ᠎ᠡ ᠶᠢᠨ ᠲᠠᠮᠢᠷ᠂ ᠵᠠᠭᠤᠴᠢᠯᠠᠭᠤᠷ᠂ ᠵᠠᠯᠠᠭᠤᠴᠤᠳ ᠪᠠᠭᠠᠴᠤᠳ᠂ ᠤᠷᠤᠨ ᠨᠤᠳᠤᠭ ᠵᠡᠷᠬᠡ ᠬᠦᠷᠢᠶᠡᠨ ᠤ | ᠰᠤᠯᠢᠯᠴᠠᠭ᠎ᠠ ᠶᠢ ᠰᠠᠶᠢᠳᠤᠷ ᠦᠷᠨᠢᠬᠦᠯᠵᠥ᠂ ᠬᠤᠶᠠᠷ ᠤᠯᠤᠰ ᠤᠨ ᠠᠷᠠᠳ ᠲᠦᠮᠡᠨ ᠤ ᠢᠳᠡᠬᠡᠯᠴᠡᠭᠡ ᠪᠤᠯᠤᠨ | ᠨᠦᠬᠦᠷᠰᠡᠭ ᠬᠠᠶᠢᠷ᠎ᠡ ᠰᠡᠳᠬᠢᠯᠬᠡ ᠶᠢ ᠲᠠᠰᠤᠷᠠᠯᠳᠡ ᠦᠭᠡᠢ ᠵᠤᠵᠠᠭᠠᠳᠬᠠᠶ᠎ᠠ᠃ ᠬᠠᠤᠯᠢ ᠬᠡᠷᠡᠭᠵᠢᠬᠦᠯᠬᠦ ᠠᠮᠤᠷ | ᠲᠦᠪᠰᠢᠨ ᠤ ᠬᠠᠮᠳᠤᠷᠠᠯᠴᠠᠭ᠎ᠠ ᠪᠠᠨ ᠴᠢᠩᠭᠠᠳᠬᠠᠨ᠂ ᠬᠢᠯᠢ ᠠᠯᠤᠰᠯᠠᠬᠰᠠᠠ ᠶᠠᠯᠠᠳᠤ ᠠᠵᠢᠯᠯᠠᠭ᠎ᠠ ᠳᠤ ᠬᠠᠮᠳᠤ ᠪᠠᠷ | ᠴᠤᠬᠢᠯᠳᠡ ᠦᠭᠴᠦ᠂ ᠲᠡᠯᠡᠬᠡᠢ ᠶᠢᠨ ᠲᠦᠪ ᠭᠤᠤᠯᠴᠢ ᠰᠢᠳᠤᠷᠭᠤ ᠶᠤᠰᠤ ᠪᠤᠯᠤᠨ ᠬᠤᠶᠠᠷ ᠤᠯᠤᠰ ᠤᠨ ᠨᠡᠶᠢᠬᠡᠮ ᠤᠨ | ᠠᠮᠤᠷ ᠲᠦᠪᠰᠢᠨ ᠡᠶ᠎ᠡ ᠵᠤᠬᠢᠴᠠᠩᠭᠤᠢ ᠶᠢ ᠬᠠᠮᠠᠭᠠᠯᠠᠶ᠎ᠠ ᠬᠡᠵᠥ ᠴᠢᠬᠤᠯᠠᠴᠢᠯᠠᠪᠠ᠃ | ᠰᠢ ᠶᠢᠨ ᠫᠢᠩ᠂ ᠤᠳᠤᠬᠠᠨ ᠳᠤ ᠬᠠᠮᠠᠭᠠᠯᠠᠬᠤ ᠦᠵᠡᠯ᠂ ᠭᠠᠭᠴᠠ ᠲᠠᠯᠠᠳᠤ ᠦᠵᠡᠯ᠂ ᠲᠤᠷᠤᠮᠵᠢᠯᠠᠯ ᠤᠨ | ᠠᠵᠢᠯᠯᠠᠭ᠎ᠠ ᠤᠷᠤᠰᠬᠠᠯ ᠰᠦᠷᠦᠨ ᠪᠤᠰᠴᠦ᠂ ᠪᠦᠬᠦ ᠪᠦᠮᠪᠦᠷᠴᠡᠭ ᠤᠨ ᠵᠠᠰᠠᠯᠳᠠ ᠶᠢ ᠰᠠᠮᠠᠭᠤᠷᠠᠭᠤᠯᠤᠨ᠂ ᠲᠡᠯᠡᠭᠡᠢ ᠶᠢᠨ | ᠡᠩᠭᠡ ᠲᠠᠶᠢᠪᠤᠩ ᠲᠤᠬᠳᠠᠭᠤᠨ ᠪᠠᠶᠢᠳᠠᠯ ᠢ ᠰᠦᠷᠳᠡᠬᠦᠯᠵᠤ ᠪᠠᠶᠢᠨ᠎ᠡ᠃ ᠲᠤᠮᠳᠠᠳᠤ ᠤᠯᠤᠰ ᠬᠠᠷᠢᠭᠤᠴᠠᠯᠭ᠎ᠠ ᠲᠠᠢ ᠶᠡᠭᠡ | ᠤᠯᠤᠰ ᠪᠤᠯᠤᠬᠰᠡᠨ ᠤ ᠬᠤᠪᠢ ᠳᠤ᠂ ᠢᠮᠠᠬᠳᠠ ᠲᠤᠰ ᠪᠡᠶ᠎ᠡ ᠶᠢᠨ ᠬᠦᠭᠵᠢᠯᠳᠠ ᠪᠠᠨ ᠲᠡᠯᠡᠭᠡᠢ ᠳ᠋ᠠᠬᠢᠨ ᠤ | ᠬᠦᠭᠵᠢᠯᠳᠠ ᠶᠢᠨ ᠤᠷᠤᠰᠬᠠᠯ ᠳᠤ ᠠᠭᠤᠰᠤᠯᠴᠠᠭᠤᠯᠵᠤ᠂ ᠲᠤᠷᠠᠳᠠᠶ᠎ᠡ ᠡᠯ᠎ᠡ ᠤᠯᠤᠰ ᠯᠤᠭ᠎ᠠ ᠡᠷᠬᠡ ᠲᠡᠭᠰᠢ ᠬᠠᠷᠢᠯᠴᠠᠨ | ᠠᠰᠢᠬᠳᠠᠢ ᠪᠠᠶᠢᠬᠤ ᠶᠢ ᠪᠠᠷᠢᠮᠳᠠᠯᠠᠨ᠂ ᠠᠵᠠ ᠲᠤᠬᠢᠶᠠᠯ ᠢ ᠬᠠᠮᠳᠤ ᠪᠠᠷ ᠡᠳ᠋ᠯᠡᠨ ᠬᠠᠷᠢᠭᠤᠴᠠᠯᠭ᠎ᠠ ᠶᠢ ᠬᠠᠮᠳᠤ ᠪᠠᠷ | ᠡᠬᠦᠷᠭᠡᠯᠡᠵᠤ᠂ ᠬᠦᠮᠦᠨ ᠲᠦᠷᠦᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠪᠠᠶᠢᠭᠤᠯᠬᠤ ᠳᠤ | ᠬᠦᠴᠤᠯᠠᠨᠡ᠃ ᠬᠤᠶᠠᠷ ᠲᠠᠯ᠎ᠡ ᠪᠠᠷ ᠢᠶᠠᠨ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ᠂ ᠬᠤᠷᠢᠨ ᠤᠯᠤᠰ ᠤᠨ | ᠪᠦᠯᠦᠭᠯᠡᠯ᠂ ᠠᠽᠢᠶ᠎ᠡ ᠲᠢᠪ ᠨᠤᠮᠤᠬᠠᠨ ᠲᠠᠯᠠᠢ ᠶᠢᠨ ᠤᠷᠤᠨ ᠤ ᠠᠵᠤ ᠠᠬᠤᠢ ᠶᠢᠨ ᠬᠠᠮᠳᠤᠷᠠᠯᠴᠠᠭᠠᠨ ᠤ ᠵᠤᠬᠢᠶᠠᠨ | ᠪᠠᠶᠢᠭᠤᠯᠤᠯᠳᠠ ᠵᠡᠷᠭᠡ ᠤᠯᠠᠨ ᠲᠠᠯᠠᠳᠤ ᠪᠤᠷᠤ ᠲᠦᠯᠦᠪ ᠤᠨ ᠲᠤᠳᠤᠷᠠᠬᠢ ᠵᠤᠬᠢᠴᠠᠭᠤᠯᠭ᠎ᠠ ᠪᠠᠨ ᠴᠢᠩᠭᠠᠳᠬᠠᠵᠤ᠂ | ᠲᠡᠯᠡᠭᠡᠢ ᠶᠢᠨ ᠲᠦᠪ ᠭᠤᠤᠯᠴᠢ ᠰᠢᠳᠤᠷᠭᠤ ᠶᠤᠰᠤ ᠪᠤᠯᠤᠨ ᠬᠤᠶᠠᠷ ᠤᠯᠤᠰ ᠤᠨ ᠵᠦᠢ ᠶᠤᠰᠤᠨ ᠤ ᠡᠷᠭᠡ ᠠᠰᠢᠭ ᠢ | ᠬᠠᠮᠠᠭᠠᠯᠠᠬᠤ ᠶᠢ ᠬᠦᠰᠡᠵᠤ ᠪᠠᠶᠢᠨ᠎ᠡ ᠭᠡᠵᠤ ᠴᠢᠬᠤᠯᠠᠴᠢᠯᠠᠪᠠ᠃ | ᠸᠧᠨ ᠽᠠᠢ ᠶᠢᠨ ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠬᠳᠠᠬᠰᠡᠨ 70 ᠵᠢᠯ ᠤᠨ | ᠤᠢ ᠳᠤ ᠪᠠᠶᠠᠷ ᠬᠦᠷᠭᠡᠪᠡ᠃ ᠸᠧᠨ ᠽᠠᠢ ᠶᠢᠨ᠂ ᠡᠨᠡ ᠵᠢᠯ ᠺᠤᠷᠢᠶᠠ ᠪᠤᠯᠤᠨ ᠲᠤᠮᠳᠠᠳᠤ ᠬᠤᠶᠠᠷ ᠤᠯᠤᠰ ᠲᠤ | ᠠᠪᠴᠤ ᠬᠡᠯᠡᠪᠡᠯ ᠲᠡᠤᠭᠡ ᠶᠢᠨ ᠠᠴᠢ ᠬᠤᠯᠪᠤᠬᠳᠠᠯ ᠲᠠᠢ ᠵᠢᠯ ᠪᠤᠯᠤᠨ᠎ᠡ᠂ ᠺᠤᠷᠢᠶᠠ ᠲᠤᠮᠳᠠᠳᠤ ᠶᠢᠨ ᠬᠠᠷᠢᠯᠴᠠᠭ᠎ᠠ | ᠴᠢᠬᠤᠯᠠ ᠠᠬᠢᠴᠠ ᠲᠠᠢ ᠪᠤᠯᠪᠠ᠃ ᠺᠤᠷᠢᠶᠠ ᠶᠢᠨ ᠬᠢᠨ ᠬᠤᠶᠠᠷ ᠤᠯᠤᠰ ᠤᠨ ᠠᠵᠤ ᠠᠬᠤᠢ ᠠᠷᠠᠯᠵᠢᠶ᠎ᠡ᠂ ᠰᠤᠶᠤᠯ᠂ | ᠪᠡᠶ᠎ᠡ ᠶᠢᠨ ᠲᠠᠮᠢᠷ᠂ ᠤᠷᠴᠢᠨ ᠲᠤᠭᠤᠷᠢᠨ ᠤ ᠬᠠᠮᠠᠭᠠᠯᠠᠯᠳᠠ ᠵᠡᠷᠭᠡ ᠬᠦᠷᠢᠶᠠᠨ ᠳᠠᠬᠢ ᠬᠠᠮᠳᠤᠷᠠᠯᠴᠠᠭ᠎ᠠ ᠪᠠᠨ | ᠴᠢᠨᠠᠬᠰᠢᠳᠠ ᠦᠷᠭᠡᠳᠭᠡᠨ᠂ ︽ᠨᠢᠭᠡ ᠪᠦᠰᠡ ᠨᠢᠭᠡ ᠵᠠᠮ︾ ᠤᠨ ᠰᠠᠨᠠᠭᠠᠴᠢᠯᠠᠭ᠎ᠠ ᠪᠤᠯᠤᠨ ᠺᠤᠷᠢᠶᠠ ᠶᠢᠨ ︽ᠰᠢᠨ᠎ᠡ | ᠡᠮᠤᠨᠠᠳᠤ ᠤᠷᠤᠨ ᠰᠢᠨ᠎ᠡ ᠤᠮᠠᠷᠠᠳᠤ ᠤᠷᠤᠨ ᠤ ᠲᠦᠷᠦ ᠶᠢᠨ ᠪᠤᠳᠤᠯᠭ᠎ᠠ︾ ᠶᠢᠨ ᠵᠤᠯᠭᠠᠯᠴᠠᠭ᠎ᠠ ᠶᠢ ᠠᠬᠢᠭᠤᠯᠵᠤ᠂ | ᠭᠤᠷᠪᠠᠳᠡᠬᠴᠢ ᠲᠠᠯ᠎ᠡ ᠶᠢᠨ ᠵᠠᠬ᠎ᠠ ᠲᠡᠯᠭᠡᠬᠦᠷ ᠢ ᠬᠠᠮᠳᠤᠷᠠᠨ ᠨᠡᠭᠡᠭᠡᠬᠦ ᠬᠠᠮᠳᠤᠷᠠᠯᠴᠠᠭ᠎ᠠ ᠶᠢ ᠲᠦᠷᠭᠡᠳᠭᠡᠨ | ᠠᠬᠢᠭᠤᠯᠬᠤ ᠶᠢ ᠬᠦᠰᠡᠵᠤ ᠪᠠᠶᠢᠨ᠎ᠡ᠃ ᠺᠤᠷᠢᠶᠠ ᠲᠤᠷᠠᠳᠠᠶ᠎ᠡ ᠲᠤᠮᠳᠠᠳᠤ ᠤᠯᠤᠰ ᠲᠠᠢ ᠤᠯᠤᠯᠴᠠᠭ᠎ᠠ ᠪᠠᠨ | ᠴᠢᠩᠭᠠᠳᠬᠠᠵᠤ᠂ ᠺᠤᠷᠢᠶᠠ ᠳᠤ ᠪᠠᠶᠢᠭ᠎ᠠ ᠲᠤᠮᠳᠠᠳᠤ ᠤᠯᠤᠰ ᠤᠨ ᠠᠷᠠᠳ ᠤᠨ ᠰᠠᠶᠢᠨ ᠲᠤᠷ᠎ᠡ ᠶᠢᠨ ᠴᠡᠷᠢᠭ ᠤᠨ | ᠦᠷᠡᠭᠳᠡᠭᠰᠡᠨ ᠪᠠᠭᠠᠳᠤᠷᠴᠤᠳ ᠤᠨ ᠴᠢᠨᠳᠠᠷ ᠢ ᠲᠤᠰᠢᠶᠠᠬᠤ ᠪᠠ ᠬᠦᠯᠢᠶᠠᠨ ᠠᠪᠬᠤ ᠠᠵᠢᠯ ᠢ ᠦᠷᠬᠦᠯᠵᠢᠯᠡᠨ ᠰᠠᠶᠢᠳᠤᠷ | ᠬᠢᠨ᠎ᠡ᠃ ᠺᠤᠷᠢᠶᠠ ᠶᠢᠨ ᠲᠠᠯ᠎ᠠ ᠶᠢᠨ ᠬᠢᠨ ᠤ ᠦᠵᠡᠬᠦ ᠪᠠᠷ᠂ ᠰᠢᠶᠠᠩᠭᠠᠩ ᠤᠨ ᠶᠠᠪᠤᠳᠠᠯ ᠴᠤ ᠲᠡᠷᠡ ᠰᠢᠨᠵᠢᠶᠠᠩ ᠳᠤ | ᠬᠤᠯᠪᠤᠬᠳᠠᠬᠰᠡᠨ ᠠᠰᠠᠭᠤᠳᠠᠯ ᠴᠤ ᠲᠡᠷᠡ ᠴᠦᠮ ᠲᠤᠮᠳᠠᠳᠤ ᠤᠯᠤᠰ ᠤᠨ ᠲᠤᠳᠤᠭᠠᠳᠤ ᠶᠠᠪᠤᠳᠠᠯ ᠪᠤᠯᠤᠨ᠎ᠡ᠃ | ᠺᠤᠷᠢᠶᠠ ᠲᠤᠮᠳᠠᠳᠤ ᠬᠤᠶᠠᠷ ᠤᠯᠤᠰ ᠦᠨᠢ ᠤᠳᠠᠭᠠᠨ ᠤ ᠶᠠᠪᠤᠯᠴᠠᠭᠠᠨ ᠤ ᠲᠡᠤᠭᠡ ᠪᠠ ᠬᠠᠷᠢᠯᠴᠠᠨ ᠨᠡᠪᠳᠡᠷᠡᠯᠴᠡᠭᠰᠡᠨ | ᠰᠤᠶᠤᠯ ᠤᠨ ᠡᠬᠢ ᠡᠬᠦᠰᠦᠯ ᠲᠠᠢ ᠶᠤᠮ᠂ ᠬᠤᠶᠠᠷ ᠤᠯᠤᠰ ᠪᠤᠯ ᠬᠤᠪᠢ ᠵᠠᠶᠠᠭᠠᠨ ᠤ ᠬᠠᠮᠳᠤ ᠶᠢᠨ ᠴᠤᠬᠴᠠ ᠮᠦᠨ᠃ | ᠬᠤᠶᠠᠷ ᠲᠠᠯ᠎ᠡ ᠶᠢᠨ ᠬᠠᠷᠢᠯᠴᠠᠭ᠎ᠠ ᠶᠢᠨ ᠬᠦᠭᠵᠢᠯᠳᠠ ᠨᠢ ︽ᠲᠡᠭᠷᠢ ᠶᠢᠨ ᠴᠠᠭ᠂ ᠭᠠᠵᠠᠷ ᠤᠨ ᠭᠡᠰᠢᠭ︾ ᠢ | ᠪᠦᠷᠢᠯᠳᠦᠬᠦᠯᠵᠤ᠂ ᠤᠳᠤ ᠲᠠᠬᠢᠨ ︽ᠬᠦᠮᠤᠨ ᠤ ᠰᠡᠳᠬᠢᠯ︾ ᠢ ᠤᠯᠪᠡᠯ ᠯᠠᠪᠳᠠᠢ ᠺᠤᠷᠢᠶᠠ ᠲᠤᠮᠳᠠᠳᠤ ᠶᠢᠨ | ᠬᠠᠷᠢᠯᠴᠠᠭ᠎ᠠ ᠶᠢᠨ ᠰᠢᠨ᠎ᠡ ᠴᠠᠭ ᠦᠶ᠎ᠡ ᠶᠢ ᠨᠡᠭᠡᠭᠡᠵᠤ ᠴᠢᠳᠠᠨ᠎ᠡ᠃ ᠺᠤᠷᠢᠶᠠ ᠶᠢᠨ ᠬᠢᠨ ᠴᠢᠬᠤᠯᠠ ᠶᠡᠭᠡ | ᠠᠰᠠᠭᠤᠳᠠᠯ ᠤᠨ ᠲᠠᠯ᠎ᠠ ᠪᠠᠷ ᠬᠢ ᠲᠤᠮᠳᠠᠳᠤ ᠤᠯᠤᠰ ᠤᠨ ᠵᠤᠬᠰᠤᠯᠳᠠ ᠶᠢ ᠤᠢᠢᠯᠠᠭᠠᠵᠤ᠂ ᠴᠢᠯᠦᠭᠡᠳᠤ ᠠᠷᠠᠯᠵᠢᠶ᠎ᠡ ᠶᠢ | ᠲᠠᠮᠵᠢᠵᠤ᠂ ᠲᠤᠷᠠᠳᠠᠶ᠎ᠡ ᠲᠤᠮᠳᠠᠳᠤ ᠤᠯᠤᠰ ᠲᠠᠢ ᠭᠠᠵᠠᠷ ᠤᠷᠤᠨ ᠪᠠ ᠲᠡᠯᠡᠭᠡᠢ ᠶᠢᠨ ᠭᠡᠷᠡᠭ ᠶᠠᠪᠤᠳᠠᠯ ᠲᠤᠮᠳᠠᠬᠢ | ᠤᠯᠤᠯᠴᠠᠭ᠎ᠠ ᠬᠠᠮᠵᠢᠯᠴᠠᠭ᠎ᠠ ᠪᠠᠨ ᠦᠷᠬᠦᠯᠵᠢᠯᠨᠨ ᠴᠢᠩᠭᠠᠳᠬᠠᠨ᠎ᠡ ᠭᠡᠵᠠᠢ᠃ | ᠬᠤᠶᠠᠷ ᠤᠯᠤᠰ ᠤᠨ ᠲᠡᠷᠢᠬᠦᠨ ᠪᠠᠰᠠ ᠰᠤᠯᠤᠩᠭᠤᠰ ᠬᠤᠶᠢᠭ ᠤᠨ ᠪᠠᠶᠢᠳᠠᠯ ᠤᠨ ᠲᠤᠬᠠᠢ ᠦᠵᠡᠯᠳᠠ ᠪᠠᠨ | ᠰᠤᠯᠢᠯᠴᠠᠪᠠ᠃ ᠰᠢ ᠶᠢᠨ ᠫᠢᠩ᠂ ᠲᠤᠮᠳᠠᠳᠤ ᠺᠤᠷᠢᠶᠠ ᠬᠤᠶᠠᠷ ᠤᠯᠤᠰ ᠤᠨ ᠰᠤᠯᠤᠩᠭᠤᠰ ᠬᠤᠶᠢᠭ ᠤᠨ | ᠠᠰᠠᠭᠤᠳᠠᠯ ᠤᠨ ᠲᠤᠬᠠᠢ ᠵᠤᠬᠰᠤᠯᠳᠠ ᠪᠠ ᠠᠰᠢᠭ ᠲᠤᠰᠠ ᠨᠡᠶᠢᠴᠡᠵᠤ ᠪᠠᠶᠢᠭ᠎ᠠ ᠶᠤᠮ᠂ ᠴᠦᠮ ᠰᠤᠯᠤᠩᠭᠤᠰ | ᠬᠤᠶᠢᠭ ᠤᠨ ᠡᠩᠭᠡ ᠲᠠᠶᠢᠪᠤᠩ ᠲᠤᠬᠳᠠᠭᠤᠨ ᠪᠠᠶᠢᠳᠠᠯ ᠢ ᠬᠠᠮᠠᠭᠠᠯᠠᠬᠤ ᠶᠢ ᠪᠠᠷᠢᠮᠳᠠᠯᠠᠵᠤ᠂ ᠶᠠᠷᠢᠯᠴᠠᠨ | ᠵᠦᠪᠳᠡᠯᠴᠡᠬᠦ ᠪᠠᠷ ᠲᠠᠮᠵᠢᠨ ᠠᠰᠠᠭᠤᠳᠠᠯ ᠢ ᠰᠢᠢᠳᠪᠤᠷᠢᠯᠡᠬᠦ ᠪᠤᠯ ᠲᠤᠬᠳᠠᠭᠤᠨ ᠪᠠᠶᠢᠳᠠᠯ ᠢ ᠬᠠᠮᠠᠭᠠᠯᠠᠵᠤ ᠶᠠᠷᠢᠯᠴᠠᠭ᠎ᠠ | ᠬᠢᠬᠦ ᠶᠢ ᠠᠬᠢᠭᠤᠯᠬᠤ ᠪᠠᠳᠤ ᠬᠦᠴᠦᠨ ᠪᠤᠯᠤᠨ᠎ᠡ ᠭᠡᠳᠡᠭ ᠢ ᠵᠤᠷᠢᠵᠤ ᠪᠠᠶᠢᠨ᠎ᠠ᠃ ᠲᠤᠮᠳᠠᠳᠤ ᠤᠯᠤᠰ ᠺᠤᠷᠢᠶᠠ ᠶᠢᠨ | ᠦᠷᠬᠦᠯᠵᠢᠯᠡᠨ ᠰᠤᠯᠤᠩᠭᠤᠰ ᠤᠨ ᠬᠢᠨ ᠲᠠᠢ ᠬᠠᠷᠢᠯᠴᠠᠭ᠎ᠠ ᠪᠠᠨ ᠰᠠᠶᠢᠵᠢᠷᠠᠭᠤᠯᠬᠤ ᠶᠢ ᠲᠠᠮᠵᠢᠵᠤ᠂ ᠰᠤᠯᠤᠩᠭᠤᠰ | ᠬᠤᠶᠢᠭ ᠤᠨ ᠨᠠᠶᠢᠷᠠᠮᠳᠠᠯ ᠤᠨ ᠬᠡᠯᠡᠯᠴᠡᠭᠡᠨ ᠤ ᠠᠬᠢᠴᠠ ᠶᠢ ᠠᠬᠢᠭᠤᠯᠬᠤ ᠳᠤ ᠬᠦᠳᠡᠯᠭᠡᠬᠦ ᠬᠦᠴᠦᠨ ᠨᠡᠮᠡᠷᠢᠯᠡᠨ᠎ᠡ ᠭᠡᠵᠤ | ᠵᠢᠭᠠᠵᠤ ᠭᠠᠷᠭᠠᠪᠠ᠃ ᠸᠧᠨ ᠽᠠᠢ ᠶᠢᠨ᠂ ᠺᠤᠷᠢᠶᠠ ᠶᠢᠨ ᠲᠠᠯ᠎ᠠ ᠶᠢᠨ ᠬᠢᠨ ᠰᠤᠯᠤᠩᠭᠤᠰ ᠬᠤᠶᠢᠭ ᠤᠨ ᠠᠰᠠᠭᠤᠳᠠᠯ ᠢ | ᠰᠢᠢᠳᠪᠤᠷᠢᠯᠡᠬᠦ ᠳᠤ ᠦᠵᠡᠭᠦᠯᠦᠭᠰᠡᠨ ᠲᠤᠮᠳᠠᠳᠤ ᠤᠯᠤᠰ ᠤᠨ ᠴᠢᠬᠤᠯᠠ ᠦᠢᠯᠡᠳᠦᠯ ᠢ ᠮᠠᠬᠳᠠᠨ ᠰᠠᠶᠢᠰᠢᠶᠠᠵᠤ ᠪᠠᠶᠢᠨ᠎ᠡ | ᠂ ᠰᠤᠯᠤᠩᠭᠤᠰ ᠬᠤᠶᠢᠭ ᠤᠨ ᠠᠰᠠᠭᠤᠳᠠᠯ ᠳᠤ ᠨᠡᠶᠢᠷᠠᠮᠳᠠᠯ ᠢᠶᠠᠷ ᠰᠢᠢᠳᠪᠤᠷᠢᠯᠡᠬᠦ ᠠᠵᠠ ᠲᠤᠬᠢᠶᠠᠯ ᠢᠯᠡᠷᠡᠭᠰᠡᠨ ᠨᠢ | ᠬᠢᠯᠪᠡᠷ ᠪᠤᠰᠤ ᠶᠢᠨ ᠶᠤᠮ᠂ ᠺᠤᠷᠢᠶᠠ ᠲᠤᠷᠠᠳᠠᠶ᠎ᠡ ᠲᠤᠮᠳᠠᠳᠤ ᠲᠠᠢ ᠬᠠᠮᠳᠤ ᠪᠠᠷ ᠰᠤᠯᠤᠩᠭᠤᠰ ᠬᠤᠶᠢᠭ ᠤᠨ | ᠨᠠᠶᠢᠷᠠᠮᠳᠠᠯ ᠤᠨ ᠠᠬᠢᠴᠠ ᠶᠢ ᠠᠬᠢᠭᠤᠯᠬᠤ ᠪᠠᠷ ᠴᠢᠷᠮᠠᠶᠢᠨ᠎ᠡ ᠭᠡᠵᠤ ᠢᠯᠡᠳᠭᠡᠪᠡ᠃ | ᠶᠠᠩ ᠵᠢᠶᠧ ᠤᠣᠢ᠂ ᠸᠠᠩ ᠢ᠂ ᠾᠧ ᠯᠢ ᠹᠧᠩ ᠨᠠᠷ ᠠᠭᠤᠯᠵᠠᠯᠳᠠ ᠳᠤ ᠤᠷᠤᠯᠴᠠᠵᠠᠢ᠃ |