ᠲᠠᠯ᠎ᠠ ᠶᠢᠨ ᠤᠰᠤ ᠭᠠᠴᠠᠭ᠎ᠠ ᠬᠦᠳᠡᠭᠡ ᠳᠣᠰᠬᠤᠨ ᠢ ᠬᠦᠭᠵᠢᠬᠦᠯᠣᠨ ᠮᠠᠨᠳᠣᠭᠤᠯᠬᠤ ᠰᠢᠨ᠎ᠡ ᠤᠨ ᠤ ᠳᠦᠰᠣᠪ ᠢᠶᠠᠨ ᠳᠣᠭᠳᠠᠭᠠᠯ᠎ᠠ
ᠨᠡᠶᠢᠲᠡᠯᠡᠭᠰᠡᠨ ᠴᠠᠭ᠄
2019-12-24
     ᠡᠪᠣᠯ ᠤᠨ ᠣᠯᠠᠷᠢᠯ ᠤᠨ ᠰᠠᠯᠠᠬᠦᠣ ᠴᠠᠭ ᠬᠦᠷᠴᠦ ᠢᠷᠡᠬᠦ ᠪᠠᠷ ᠮᠠᠨ ᠤ ᠬᠤᠰᠢᠭᠤᠨ ᠤ ᠰᠦᠯᠳᠡ ᠰᠤᠮᠤᠨ ᠤ ᠲᠠᠯ᠎ᠠ ᠶᠢᠨ ᠤᠰᠤ ᠭᠠᠴᠠᠭᠠᠨ ᠤ ᠬᠢᠨ ᠣᠯᠠᠨ ᠵᠣᠶᠢᠯ ᠤᠨ ᠵᠣᠬᠢᠰᠳᠡᠢ ᠠᠷᠭ᠎ᠠ ᠳᠣᠬᠢᠳᠡᠢ ᠪᠣᠳᠣᠯᠭ᠎ᠠ ᠪᠠᠷ ᠭᠠᠴᠠᠭᠠᠨ  ᠤ ᠬᠠᠮᠳᠣ ᠶᠢᠨ ᠠᠵᠣ ᠠᠬᠤᠢ ᠶᠢ ᠭᠦᠭᠵᠢᠬᠦᠯᠵᠣ ᠮᠠᠯᠴᠢᠨ ᠳᠦᠮᠡᠨ ᠤ ᠠᠰᠢᠭ ᠣᠷᠣᠯᠭ᠎ᠠ ᠶᠢ ᠨᠡᠮᠡᠭᠳᠡᠬᠦᠯᠣᠨ ᠬᠦᠳᠡᠭᠡ ᠳᠣᠰᠬᠤᠨ ᠢ ᠬᠦᠭᠵᠢᠬᠦᠯᠣᠨ ᠮᠠᠨᠳᠣᠭᠤᠯᠬᠤ ᠰᠢᠨ᠎ᠡ ᠨᠢᠬᠡᠨ ᠵᠢᠯ ᠤᠨ ᠲᠦᠰᠦᠪ ᠢᠶᠠᠨ ᠲᠤᠭᠲᠠᠭᠠᠯ᠎ᠠ᠃      ᠣᠶᠢᠷ᠎ᠠ ᠶᠢᠨ ᠡᠳᠣᠷ᠂ ᠲᠠᠯ᠎ᠠ ᠶᠢᠨ ᠤᠰᠤ ᠭᠠᠴᠠᠭᠠᠨ ᠤ ᠬᠢᠨ ᠦᠪᠦᠷ ᠮᠤᠩᠭᠤᠯ ᠤᠨ ᠮᠠᠯᠵᠢᠬᠤ ᠤᠷᠤᠨ ᠤ ᠨᠦᠭᠡᠴᠡ ᠪᠠᠶᠠᠯᠢᠭ ᠤᠨ ᠬᠠᠮᠲᠤ ᠶᠢᠨ ᠠᠵᠢᠯᠯᠠᠭᠠᠨ ᠤ ᠡᠪᠯᠡᠯ ᠤᠨ ᠮᠡᠷᠭᠡᠵᠢᠯᠲᠡᠨ ᠪᠠᠭᠰᠢ ᠶᠢ ᠣᠷᠢᠵᠣ ᠭᠠᠴᠠᠭᠠᠨ ᠤ ᠢᠷᠡᠬᠦ ᠵᠢᠯ ᠤᠨ ᠳᠣᠭᠳᠠᠭᠠᠭᠰᠠᠨ ᠳᠦᠰᠣᠪ   ᠤᠨ ᠳᠣᠭᠤᠷᠢᠨ ᠳᠤ ᠬᠠᠮᠳᠣ ᠶᠢᠨ ᠠᠵᠣ ᠠᠬᠤᠢ ᠶᠢ ᠬᠦᠭᠵᠢᠬᠦᠯᠬᠦ᠂ ᠤᠳᠤᠬᠢᠴᠢᠯᠠᠭᠰᠠᠨ ᠮᠠᠯ ᠠᠵᠤ ᠠᠬᠤᠢ ᠶᠢ ᠬᠦᠭᠵᠢᠬᠦᠯᠬᠦ᠂ ᠨᠣᠳᠤᠭ ᠪᠡᠯᠴᠢᠭᠡᠷ ᠠᠮᠢ ᠠᠬᠤᠢ ᠶᠢ ᠬᠠᠮᠠᠭᠠᠯᠠᠬᠤ᠂ ᠰᠣᠶᠣᠯ ᠵᠣᠭᠠᠴᠠᠯ ᠢ ᠬᠦᠭᠵᠢᠬᠦᠯᠬᠦ ᠵᠡᠷᠭᠡ ᠲᠠᠯ᠎ᠠ ᠳᠤ ᠳᠠᠶᠢᠯᠣᠮᠵᠢ ᠬᠢᠯᠭᠡᠪᠡ᠃      ᠲᠠᠯ᠎ᠠ ᠶᠢᠨ ᠤᠰᠤ ᠭᠠᠴᠠᠭ᠎ᠠ ᠨᠢ ᠬᠠᠮᠳᠣ ᠶᠢᠨ ᠠᠵᠣ ᠠᠬᠤᠢ ᠶᠢ ᠬᠦᠭᠵᠢᠬᠦᠯᠬᠦ ᠶᠢᠨ ᠳᠦᠯᠣᠬᠡ 2019 ᠣᠨ ᠳᠤ 460 ᠭᠠᠷᠣᠢ ᠳᠦᠮᠡᠨ ᠳᠦᠬᠦᠷᠢᠭ ᠤᠨ ᠪᠡᠯᠡ ᠮᠦᠡᠭᠬᠦ ᠵᠠᠷᠣᠴᠠᠭᠤᠯᠵᠣ ᠮᠠᠯ ᠤᠨ ᠰᠢᠬᠡᠭ᠂ ᠠᠮᠢᠳᠣᠷᠠᠯ  ᠤᠨ ᠬᠠᠶᠠᠭᠳᠠᠮᠠᠯ ᠪᠣᠯᠣᠨ ᠮᠣᠳᠣ ᠪᠣᠷᠭᠠᠰᠣ᠂ ᠳᠠᠷᠢᠶᠠᠨ ᠰᠦᠷᠠᠯ ᠵᠡᠷᠭᠡ ᠶᠢ ᠠᠰᠢᠭᠯᠠᠨ ᠳᠦᠬᠦᠬᠡᠢ ᠮᠠᠲ᠋ᠧᠷᠢᠶᠠᠯ ᠪᠣᠯᠭᠠᠵᠣ ᠪᠠᠶᠢᠭᠤᠯᠣᠭᠰᠠᠨ ᠠᠮᠢᠳᠣ ᠪᠣᠳᠠᠰ ᠤᠨ ᠤᠷᠭᠠᠨᠢᠭ ᠪᠤᠷᠳᠤᠭᠤᠷ ᠤᠨ ᠦᠢᠯᠡᠳᠪᠤᠷᠢ ᠶᠢ ᠠᠰᠢᠭᠯᠠᠯᠳᠠ ᠳᠤ ᠣᠷᠣᠭᠤᠯᠵᠣ ᠬᠠᠶᠠᠭᠳᠠᠮᠠᠯ ᠢ ᠡᠷᠳᠡᠨᠢ ᠪᠣᠯᠭᠠᠨ ᠬᠠᠮᠳᠣ ᠶᠢᠨ ᠠᠵᠣ ᠠᠬᠤᠢ ᠶᠢ ᠬᠦᠭᠵᠢᠬᠦᠯᠵᠤ ᠮᠠᠯᠴᠢᠨ ᠲᠦᠮᠡᠨ ᠤ  ᠪᠠᠨ ᠤᠷᠤᠯᠭ᠎ᠠ ᠶᠢ ᠨᠡᠮᠡᠭᠳᠡᠬᠦᠯᠦᠨ ᠣᠷᠴᠢᠨ ᠳᠣᠭᠤᠷᠢᠨ ᠢ ᠭᠤᠶᠤᠵᠢᠭᠤᠯᠵᠤ ᠮᠠᠯᠵᠢᠬᠤ ᠣᠷᠣᠨ ᠢ ᠬᠦᠭᠵᠢᠬᠦᠯᠣᠨ ᠮᠠᠨᠳᠣᠭᠤᠯᠬᠤ ᠶᠢᠨ ᠦᠯᠢᠬᠡᠷ ᠳᠠᠭᠤᠷᠢᠶᠠᠯ  ᠪᠤᠯᠵᠠᠢ᠃      ᠲᠠᠯ᠎ᠠ ᠶᠢᠨ ᠤᠰᠤ ᠭᠠᠴᠠᠭ᠎ᠠ ᠨᠢ ᠬᠠᠮᠳᠣ ᠶᠢᠨ ᠠᠵᠣ ᠠᠬᠤᠢ ᠶᠢ ᠬᠦᠭᠵᠢᠬᠦᠯᠬᠦ ᠠᠮᠢᠳᠣ ᠪᠣᠳᠠᠰ ᠤᠨ ᠤᠷᠭᠠᠨᠢᠭ ᠪᠤᠷᠳᠤᠭᠤᠷ ᠤᠨ ᠦᠢᠯᠡᠳᠪᠤᠷᠢ ᠶᠢ ᠠᠰᠢᠭᠯᠠᠯᠲᠠ ᠳᠤ ᠤᠷᠤᠭᠤᠯᠤᠭᠰᠠᠨ ᠰᠠᠭᠤᠷᠢᠨ ᠳᠡᠭᠡᠷ᠎ᠡ ᠪᠣᠷᠣᠯᠠᠭᠤᠯᠣᠯᠳᠠ ᠪᠠᠨ ᠪᠠᠳᠣᠯᠠᠵᠣ ᠭᠠᠴᠠᠭᠠᠨ ᠤ ᠮᠠᠯ ᠡᠮᠨᠡᠯᠭᠡ ᠶᠢᠨ ᠶᠡᠷᠦᠩᠬᠡᠶᠢᠯᠡᠭᠰᠡᠨ ᠦᠢᠯᠡᠴᠢᠯᠡᠬᠡᠨ ᠤ ᠲᠦᠪ᠂ ᠮᠠᠩᠭᠢᠰᠤᠨ ᠵᠠᠳᠠᠭᠠᠢ ᠨᠡᠭᠦᠷᠡᠰᠦᠨ ᠠᠭᠤᠷᠬᠠᠢ ᠶᠢᠨ ᠬᠦᠳᠡᠯᠮᠤᠷᠢ ᠦᠢᠯᠡᠴᠢᠯᠡᠬᠡᠨ ᠤ ᠺᠤᠮᠫᠠᠨᠢ ᠵᠡᠷᠭᠡ ᠶᠢ ᠪᠠᠶᠢᠭᠤᠯᠣᠨ ᠳᠡᠭᠦᠯᠳᠡᠷᠵᠢᠬᠦᠯᠬᠦ ᠶᠢᠨ ᠬᠠᠮᠳᠣ ᠴᠠᠭᠠᠨ ᠰᠦᠯᠳᠡ ᠵᠢᠭᠤᠯᠴᠢᠯᠠᠯ ᠤᠨ ᠣᠷᠣᠨ᠂ ᠮᠤᠳᠤᠨ ᠪᠤᠯᠠᠭ᠂ ᠲᠡᠭᠡᠭ ᠤᠨ ᠤᠪᠤᠭ᠎ᠠ ᠵᠡᠷᠭᠡ ᠦᠵᠡᠮᠵᠢ ᠶᠢᠨ ᠣᠷᠣᠨ ᠢ ᠬᠤᠯᠪᠣᠭᠰᠠᠨ ᠵᠤᠭᠠᠴᠠᠯ ᠤᠨ ᠱᠤᠭᠤᠮ ᠢ ᠳᠣᠭᠳᠠᠭᠠᠨ ᠵᠢᠭᠤᠯᠴᠢᠯᠠᠯ ᠵᠣᠴᠢᠯᠠᠭ᠎ᠠ ᠶᠢᠨ ᠣᠶᠢᠯᠡᠰ ᠢ ᠬᠦᠭᠵᠢᠬᠦᠯᠦᠨ ᠤᠷᠳᠤᠰ ᠨᠠᠷᠢᠨ ᠨᠤᠤᠰᠤᠲᠤ ᠬᠤᠨᠢ᠂ ᠮᠢᠬᠠᠨ ᠦᠬᠡᠷ ᠤᠨ ᠦᠢᠯᠡᠰ ᠢ ᠠᠵᠣ ᠣᠶᠢᠯᠡᠰᠵᠢᠬᠦᠯᠣᠨ ᠬᠦᠭᠵᠢᠬᠦᠯᠵᠣ ᠮᠠᠯᠴᠢᠳ ᠤᠨ ᠠᠰᠢᠭ ᠣᠷᠣᠯᠭ᠎ᠠ ᠢ ᠨᠠᠮᠡᠭᠳᠡᠬᠦᠯᠬᠦ ᠪᠠᠷ ᠪᠠᠶᠢᠨ᠎ᠠ᠃          
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号