ᠬᠤᠭ ᠨᠣᠪᠰᠢ ᠶᠢ ᠳᠦᠷᠣᠯ ᠢᠯᠭᠠᠬᠤ ᠤᠶᠤᠨᠴᠢᠯᠠᠭᠰᠠᠨ ᠰᠠᠪᠠ ᠨᠢ ᠰᠠᠭᠤᠭᠠᠯᠢ ᠠᠷᠠᠳ ᠲᠤ ᠠᠰᠢᠭ ᠤᠯᠭᠤᠪᠠ
ᠨᠡᠶᠢᠲᠡᠯᠡᠭᠰᠡᠨ ᠴᠠᠭ᠄
2019-12-30
     ᠮᠠᠨ ᠤ ᠬᠤᠰᠢᠭᠤ ᠬᠤᠭ ᠨᠤᠪᠰᠢ ᠶᠢ ᠲᠦᠷᠦᠯ ᠢᠯᠭᠠᠨ ᠠᠰᠢᠭᠯᠠᠬᠤ ᠠᠵᠢᠯ ᠢ ᠠᠬᠢᠭᠤᠯᠬᠤ ᠶᠢᠨ ᠲᠠᠭᠠᠤ ᠰᠠᠭᠤᠭᠠᠯᠢ ᠠᠷᠠᠳ ᠲᠤ ᠪᠤᠳᠠᠳᠤ ᠠᠰᠢᠭ ᠦᠵᠡᠬᠦᠯᠵᠤ ᠦᠷ᠎ᠡ ᠪᠦᠳᠦᠮᠵᠢ ᠶᠢ ᠮᠡᠳᠡᠷᠡᠬᠦᠯᠬᠦ ᠪᠠᠷ ᠭᠤᠣᠯᠳᠠᠯᠭ᠎ᠠ ᠲᠠᠢ ᠰᠠᠭᠤᠭᠠᠯᠢ ᠠᠷᠡᠳ ᠤᠨ ᠳᠣᠭᠤᠷᠢᠭ ᠲᠤ ᠬᠤᠭ ᠨᠣᠪᠰᠢ ᠶᠢ ᠳᠦᠷᠣᠯ ᠢᠯᠭᠠᠬᠤ ᠣᠶᠣᠨᠴᠢᠯᠠᠭᠰᠠᠨ ᠰᠠᠪᠠ ᠤᠭᠰᠠᠷᠠᠵᠤ ᠠᠰᠢᠭᠯᠠᠯᠳᠠ ᠳᠤ ᠤᠷᠤᠭᠤᠯᠵᠠᠢ᠃      ᠨᠠᠷᠠᠨᠵᠢᠷᠭᠠᠯ ᠪᠤᠯ ᠭᠠᠯᠠᠭᠤᠳᠤ ᠪᠠᠯᠭᠠᠰᠤᠨ ᠤ ᠨᠠᠨᠳᠢᠨ ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠶᠤᠮ᠃ ᠰᠠᠭᠤᠭᠠᠯᠢ ᠲᠤᠭᠤᠷᠢᠭ ᠲᠤᠨᠢ ᠡᠶᠢᠮᠦᠷᠬᠦ ᠬᠤᠭ ᠨᠣᠪᠰᠢ ᠶᠢ ᠳᠦᠷᠣᠯ ᠢᠯᠭᠠᠬᠤ ᠣᠶᠣᠨᠴᠢᠯᠠᠭᠰᠠᠨ ᠰᠠᠪᠠ ᠶᠢ ᠤᠭᠰᠠᠷᠠᠭᠰᠠᠨ ᠢᠶᠠᠷ ᠬᠤᠭ ᠨᠤᠪᠰᠢ ᠪᠠᠨ ᠰᠠᠨᠠᠭᠠᠴᠢᠯᠠᠭ᠎ᠠ ᠲᠠᠢ ᠠᠳᠡ ᠠᠪᠴᠢᠷᠠᠵᠤ ᠰᠢᠢᠳᠪᠤᠷᠢᠯᠡᠳᠡᠭ ᠪᠤᠯᠵᠠᠢ᠃      ᠨᠠᠷᠠᠨᠵᠢᠷᠭᠠᠯ᠄ ︽ᠤᠤᠯ ᠨᠢ ᠬᠤᠭ ᠢᠶᠠᠨ ᠬᠠᠶᠢᠷᠴᠠᠭ ᠤᠷᠤᠭᠤ ᠬᠢᠴᠢᠬᠡᠳᠡᠭ᠂ ᠤᠳᠤ ᠪᠤᠯ ᠬᠤᠭ ᠨᠣᠪᠰᠢ ᠶᠢ ᠳᠦᠷᠣᠯ ᠢᠯᠭᠠᠬᠤ ᠣᠶᠣᠨᠴᠢᠯᠠᠭᠰᠠᠨ ᠰᠠᠪᠠ ᠤᠷᠤᠭᠤ ᠬᠢᠳᠡᠭ ᠪᠤᠯᠤᠯ᠎ᠠ᠂ ᠬᠤᠭ ᠢᠶᠠᠨ ᠬᠢᠭᠡᠳ ᠵᠢᠭᠠᠬᠠᠨ ᠮᠦᠩᠬᠦ ᠰᠤᠯᠢᠭᠠᠳ ᠨᠠᠪᠴᠢ ᠨᠤᠭᠤᠭ᠎ᠠ ᠠᠪᠴᠢᠬᠠᠬᠤ ᠰᠢᠭ᠋ ᠲᠦᠬᠦᠮ ᠪᠤᠯᠴᠢᠬᠠᠵᠠᠢ︾ ᠭᠡᠪᠡ᠃      ᠨᠡᠷᠡᠨᠵᠢᠷᠭᠠᠯ ᠤᠨ ᠬᠡᠯᠡᠵᠤ ᠪᠠᠶᠢᠭ᠎ᠠ ᠨᠠᠪᠴᠢ ᠨᠤᠭᠤᠭ᠎ᠠ ᠠᠪᠴᠤ ᠲᠡᠶᠢᠯᠳᠡᠭ ᠵᠤᠭᠤᠰ ᠪᠤᠯ ᠲᠠᠷᠤᠢ ᠡᠨᠡᠬᠦ ᠤᠶᠤᠨᠴᠢᠯᠠᠭᠰᠠᠨ ᠰᠠᠪᠠ ᠶᠢᠨ ᠨᠢᠬᠡ ᠴᠢᠳᠠᠮᠵᠢ ᠶᠢ ᠵᠢᠭᠠᠵᠤ ᠪᠠᠶᠢᠭ᠎ᠠ ᠶᠤᠮ᠃ ᠬᠤᠭ ᠨᠤᠪᠰᠢ ᠪᠠᠨ ᠢᠯᠭᠠᠨ ᠰᠢᠢᠳᠪᠤᠷᠢᠯᠡᠬᠦ ᠬᠦᠰᠡᠯ ᠲᠠᠢ ᠬᠦᠮᠦᠨ ᠬᠤᠭ ᠨᠣᠪᠰᠢ ᠶᠢ ᠳᠦᠷᠣᠯ ᠢᠯᠭᠠᠬᠤ ᠣᠶᠣᠨᠴᠢᠯᠠᠭᠰᠠᠨ ᠰᠠᠪᠠ ᠶᠢᠨ ᠲᠡᠯᠬᠡᠴᠡᠨ ᠲᠡᠬᠡᠷᠡᠬᠢ ᠬᠠᠷᠠᠭᠠᠯᠵᠠᠭᠰᠠᠨ ᠠᠭᠤᠯᠭ᠎ᠠ ᠶᠢ ᠰᠤᠩᠭᠤᠵᠤ ᠬᠤᠭ ᠨᠤᠪᠰᠢ ᠪᠠᠨ ᠲᠤᠭᠳᠠᠭᠰᠠᠨ ᠬᠠᠶᠢᠷᠴᠠᠭ  ᠲᠤᠨᠢ ᠬᠢᠵᠤ ᠤᠷᠤᠭᠤᠯᠤᠭᠰᠠᠨ ᠤ ᠲᠠᠷᠠᠭ᠎ᠠ ᠦᠭᠬᠦᠭᠳᠡᠭᠰᠡᠨ ᠮᠡᠷᠬᠡᠨ ᠴᠤᠬᠤᠷ ᠢ ᠰᠢᠷᠪᠢᠪᠡᠯ ᠡᠨᠡᠬᠦ ᠣᠶᠣᠨᠴᠢᠯᠠᠭᠰᠠᠨ ᠮᠠᠰᠢᠨ ᠬᠤᠭ ᠨᠤᠪᠰᠢ ᠶᠢᠨ ᠬᠦᠨᠳᠦᠴᠡ ᠲᠦᠷᠦᠯ ᠢᠶᠠᠷ ᠨᠢ ᠦᠨ᠎ᠡ ᠪᠤᠳᠤᠭᠰᠠᠨ ᠵᠤᠭᠤᠰ ᠢ ᠸᠢᠴᠠᠲ ᠲᠡᠬᠡᠷ᠎ᠡ ᠤᠯᠠᠭᠠᠨ ᠪᠤᠭᠤᠯᠳᠠ ᠶᠢᠨ ᠬᠡᠯᠪᠡᠷᠢ ᠪᠠᠷ ᠤᠷᠤᠭᠤᠯᠵᠤ ᠦᠭᠳᠡᠭ᠃ ᠲᠤᠰ ᠤᠶᠤᠨᠴᠢᠯᠠᠭᠰᠠᠨ ᠰᠠᠪᠡ ᠨᠢ ᠴᠠᠭᠠᠰᠣ ᠨᠣᠮ ᠰᠡᠳᠬᠦᠯ᠂ ᠰᠦᠯᠢᠶᠣᠣ᠂ ᠲᠡᠮᠦᠷᠯᠢᠭ ᠡᠳ᠋᠂ ᠳᠣᠭᠤᠭᠠᠨ ᠭᠡᠷ ᠤᠨ ᠬᠠᠶᠠᠭᠳᠠᠮᠠᠯ᠂ ᠬᠠᠭᠤᠴᠢᠨ ᠬᠤᠪᠴᠠᠰᠣ ᠬᠤᠨᠠᠷ ᠵᠡᠷᠭᠡ ᠬᠡᠳᠦᠨ ᠶᠡᠭᠡ ᠳᠦᠷᠣᠯ ᠤᠨ ᠬᠤᠭ ᠨᠤᠪᠰᠢ ᠶᠢ ᠬᠤᠷᠢᠶᠠᠨ ᠠᠪᠬᠤ ᠴᠢᠳᠠᠮᠵᠢ ᠲᠠᠢ ᠪᠠᠶᠢᠵᠤ ᠡᠯᠧᠺᠲᠷᠣᠨ ᠰᠢᠰᠲ᠋ᠧᠮ ᠢᠶᠠᠷ ᠵᠠᠬᠢᠷᠴᠤ ᠪᠤᠢ᠃      ᠬᠤᠭ ᠨᠣᠪᠰᠢ ᠶᠢ ᠳᠦᠷᠣᠯ ᠢᠯᠭᠠᠬᠤ ᠣᠶᠣᠨᠴᠢᠯᠠᠭᠰᠠᠨ ᠰᠠᠪᠠ ᠶᠢ ᠮᠠᠨ ᠤ ᠬᠤᠰᠢᠭᠤᠨ ᠤ ᠪᠠᠳᠣᠯᠠᠭ᠎ᠠ ᠶᠢᠨ ᠴᠢᠨᠠᠷᠳᠡᠢ ᠣᠷᠣᠨ ᠰᠠᠭᠤᠴᠠ ᠪᠣᠯᠣᠨ ᠭᠡᠷ ᠬᠦᠷᠣᠩᠬᠡ ᠶᠢᠨ ᠰᠣᠯᠢᠯᠴᠠᠭᠠᠨ ᠤ ᠬᠠᠮᠢᠶᠠᠷᠣᠯᠳᠠ ᠶᠢᠨ ᠳᠦᠪ ᠠᠴᠠ ᠲᠠᠪᠢᠭᠠᠳ ᠲᠦᠮᠡᠨ ᠲᠦᠬᠦᠷᠢᠭ ᠤᠨ ᠪᠡᠯᠡ ᠤᠷᠤᠭᠤᠯᠵᠤ ᠭᠤᠤᠯᠳᠠᠯᠭ᠎ᠠ ᠲᠠᠢ ᠠᠷᠪᠠᠨ ᠰᠠᠭᠤᠭᠠᠯᠢ ᠠᠷᠠᠳ ᠤᠨ ᠲᠤᠭᠤᠷᠢᠭ ᠲᠤ ᠤᠭᠰᠠᠷᠠᠭᠠᠳ ᠪᠤᠢ᠃ ᠬᠤᠭ ᠨᠣᠪᠰᠢ ᠶᠢ ᠳᠦᠷᠣᠯ ᠢᠯᠭᠠᠬᠤ ᠣᠶᠣᠨᠴᠢᠯᠠᠭᠰᠠᠨ ᠰᠠᠪᠠ ᠶᠢ ᠰᠠᠭᠤᠭᠠᠯᠢ ᠠᠷᠡᠳ ᠲᠤ ᠪᠣᠯᠪᠠᠰᠣᠷᠠᠩᠭᠤᠢ ᠠᠰᠢᠭᠯᠠᠭᠤᠯᠤᠨ ᠬᠡᠷᠡᠭᠯᠡᠬᠦᠯᠬᠦ ᠶᠢᠨ ᠲᠦᠯᠦᠬᠡ ᠤᠳᠤᠬᠠᠨ ᠲᠡᠬᠡᠷ᠎ᠡ ᠡᠯ᠎ᠡ ᠰᠠᠭᠤᠭᠠᠯᠢ ᠠᠷᠡᠳ ᠤᠨ ᠳᠣᠭᠤᠷᠢᠭ ᠤᠨ ᠠᠳᠠᠯ ᠠᠬᠤᠢ ᠶᠢᠨ ᠦᠢᠯᠡᠴᠢᠯᠡᠬᠡᠨ ᠤ ᠺᠤᠮᠫᠠᠨᠢ ᠶᠢᠨ ᠠᠵᠢᠯᠳᠠᠨ᠂ ᠠᠬᠤᠢ ᠲᠠᠯᠠᠪᠤᠷ ᠲᠤ ᠵᠢᠭᠠᠨ ᠵᠢᠯᠤᠭᠤᠳᠤᠯᠭ᠎ᠠ ᠬᠢᠵᠤ ᠦᠭᠴᠦ ᠪᠤᠢ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号