12 ᠰᠠᠷ᠎ᠠ ᠶᠢᠨ 2 ᠤᠨ ᠦᠳᠡ ᠶᠢᠨ ᠡᠮᠦᠨ᠎ᠠ ᠪᠢᠳᠠ ᠦᠤᠰᠢᠨ ᠬᠤᠰᠢᠭᠤᠨ ᠤ ᠰᠦᠯᠳᠠ ᠰᠤᠮᠤᠨ ᠠᠴᠠ | ᠮᠤᠷᠳᠠᠵᠤ᠂ ᠴᠤᠤᠳᠠᠢ ᠭᠠᠴᠠᠭ᠎ᠠ ᠬᠦᠷᠦᠭᠡᠳ ᠲᠠᠬᠢᠨ ᠡᠮᠦᠨᠠᠰᠢ ᠴᠢᠭᠯᠡᠬᠦ ᠳᠤ᠂ ᠵᠠᠮ ᠤᠨ ᠵᠡᠬᠦᠨ ᠲᠠᠯ᠎ᠠ ᠪᠠᠷ ᠨᠢ ᠲᠡᠭᠰᠢ | ᠭᠠᠵᠠᠷ ᠬᠡᠳᠦᠨ ᠺᠢᠯᠤᠮᠧᠲᠷ ᠢᠶᠠᠷ ᠦᠷᠬᠦᠯᠵᠢᠯᠡᠵᠦ᠂ ᠵᠠᠮ ᠤᠨ ᠪᠠᠷᠠᠭᠤᠨ ᠲᠠᠯ᠎ᠠ ᠪᠠᠷ ᠦᠨᠳᠦᠷ ᠪᠤᠭᠤᠨᠢ ᠬᠦ᠋ᠳᠦᠴᠡᠭ | ᠲᠠᠯᠠᠩ ᠵᠠᠯᠭᠠᠯᠳᠤᠨ᠂ ᠵᠠᠮ ᠤᠨ ᠬᠤᠶᠠᠷ ᠲᠠᠯ᠎ᠠ ᠶᠢᠨ ᠡᠳᠡᠭᠡᠳ ᠦᠵᠡᠮᠵᠢ ᠨᠢ ᠪᠢᠳᠡᠨ ᠤ ᠠᠩᠬᠠᠷᠤᠯ ᠢ ᠤᠨᠴᠨ ᠲᠠᠳᠠᠯ | ᠠ᠃ | ︽ᠴᠤᠤᠳᠠᠢ ᠭᠠᠴᠠᠭ᠎ᠠ ︿ᠦᠤᠰᠢᠨ ᠬᠤᠰᠢᠭᠤᠨ ᠤ ᠴᠤᠤᠳᠠᠢ ᠮᠠᠯ ᠲᠠᠷᠢᠶᠠᠯᠠᠩ ᠤᠨ ᠲᠤᠰᠬᠠᠢ ᠬᠤᠷᠰᠢᠶ᠎ᠡ﹀ | ᠪᠠᠶᠢᠭᠤᠯᠵᠤ᠂ 2008 ᠤᠨ ᠠᠴᠠ 2012 ᠤᠨ ᠤ ᠬᠤᠭᠤᠴᠠᠭᠠᠨ ᠳᠤ ᠬᠡᠰᠢᠬᠦᠨ ᠡᠷᠦᠭᠡ ᠶᠢᠨ ᠢᠶᠠᠨ ᠲᠠᠷᠠᠬᠠᠢ | ᠪᠤᠳᠠᠷᠬᠠᠢ ᠡᠵᠡᠩᠨᠡᠵᠦ ᠲᠠᠷᠢᠵᠤ ᠪᠠᠶᠢᠬᠰᠠᠨ ᠵᠢᠵᠢᠭ ᠡᠪᠡᠰᠦ ᠪᠤᠷᠳᠤᠭᠠᠨ ᠤ ᠰᠠᠭᠤᠷᠢᠨ ᠢ ᠨᠡᠶᠢᠯᠡᠬᠦᠯᠵᠤ | ᠬᠡᠪᠴᠢᠶᠡᠵᠢᠭᠦᠯᠦᠨ ᠡᠷᠴᠢᠮᠵᠢᠬᠦᠯᠵᠦ ᠡᠵᠡᠩᠨᠡᠭᠰᠡᠨ ᠶᠤᠮ᠂ ᠡᠬᠦᠨ ᠳᠤ 68 ᠡᠷᠦᠭᠡ ᠶᠢᠨ 26500 ᠮᠦ ᠭᠠᠵᠠᠷ ᠢ | ᠨᠡᠶᠢᠯᠡᠬᠦᠯᠦᠭᠡᠳ ᠲᠡᠭᠰᠢᠯᠡᠵᠦ᠂ 32 ᠲᠤᠭᠤᠷᠢᠭ ᠲᠤ ᠬᠤᠪᠢᠶᠠᠵᠠᠢ᠂ ᠠᠳᠡᠬᠢ ᠪᠤᠯ ᠨᠢᠭᠡ ᠨᠢ ᠪᠤᠯᠤᠨ᠎ᠠ︾ ᠬᠡᠵᠦ | ᠪᠢᠳᠠᠨ ᠢ ᠲᠠᠭᠠᠭᠤᠯᠵᠤ ᠶᠠᠪᠤᠭ᠎ᠠ ᠰᠤᠮᠤᠨ ᠤ ᠤᠬᠠᠭᠤᠯᠬᠤ ᠬᠡᠰᠢᠬᠦᠨ ᠲᠡᠷᠭᠡᠯ ᠲᠠᠶᠢᠯᠪᠤᠷᠢᠯᠠᠪᠠ᠃ | ᠴᠤᠤᠳᠠᠢ ᠭᠠᠴᠠᠭᠠᠨ ᠤ ᠤᠤᠯ ᠤᠨ ᠨᠠᠮ ᠤᠨ ᠡᠬᠦᠷ ᠤᠨ ᠱᠦᠵᠢ ᠪᠠᠲᠤᠨᠠᠰᠤᠨ ᠭᠤᠸᠠᠢ ᠡᠨᠡ ᠲᠤᠬᠠᠢ᠄ ︽ | ᠪᠢᠳᠠ ᠬᠡᠰᠢᠬᠦᠨ ᠡᠷᠦᠬᠡ ᠳᠡᠭᠡᠨ ᠭᠠᠴᠠᠭᠠᠨ ᠤ ᠲᠦᠪ ᠲᠡᠭᠡᠷ᠎ᠠ ᠵᠤᠰᠠᠯᠠᠩ ᠮᠠᠶ᠋ᠢᠭ ᠤᠨ ᠰᠢᠨ᠎ᠡ ᠤᠷᠤᠨ ᠰᠠᠭᠤᠴᠠ | ᠪᠠᠷᠢᠵᠤ ᠦᠭᠬᠦᠨ ᠨᠢᠬᠡ ᠲᠤᠤᠷ᠎ᠠ ᠲᠦᠪᠯᠡᠷᠡᠬᠦᠯᠤᠨ ᠰᠠᠭᠤᠯᠭᠠᠵᠦ ︿ᠴᠤᠤᠳᠠᠢ ᠲᠤᠷᠤᠨ᠎ᠠ ᠰᠢᠨ᠎ᠡ ᠲᠤᠰᠬᠤᠨ﹀ ᠢ | ᠪᠠᠶᠢᠭᠤᠯᠵᠠᠢ᠃ ᠤᠤᠯ ᠤᠨ ᠬᠡᠷ ᠬᠦᠷᠢᠶ᠎ᠠ ᠶᠢ ᠨᠢ ᠨᠤᠷᠠᠭᠠᠵᠤ᠂ ᠪᠡᠯᠴᠢᠭᠡᠷ ᠢ ᠨᠢ ᠨᠡᠶᠢᠯᠡᠬᠦᠯᠵᠦ ᠲᠡᠭᠰᠢᠯᠡᠭᠰᠡᠨ᠃ | ᠢᠡᠭᠭᠢᠭᠰᠡᠨ ᠢᠶᠠᠷ ᠤᠤᠯ ᠨᠢ ᠡᠪᠡᠰᠦ ᠪᠤᠷᠳᠤᠭᠠᠨ ᠤ ᠰᠠᠭᠤᠷᠢᠨ ᠤ ᠲᠠᠯᠠᠪᠠᠢ ᠡᠷᠦᠭᠡ ᠲᠤᠮᠳᠠᠴᠢ ᠳᠤ ᠬᠡᠳᠦᠨ ᠠᠷᠪᠠᠨ | ᠮᠦ ᠨᠤᠭᠳᠠᠳᠠᠭ ᠪᠠᠶᠢᠬᠰᠠᠨ ᠪᠤᠯ᠂ ᠲᠡᠭᠰᠢᠯᠡᠭᠰᠡᠨ ᠤ ᠲᠠᠷᠠᠭ᠎ᠠ ᠬᠡᠳᠦᠨ ᠵᠠᠭᠤᠨ ᠮᠦ ᠪᠤᠯᠤᠨ ᠨᠡᠮᠡᠭᠳᠡᠭᠰᠡᠨ᠃ ᠪᠠᠰᠠ | ᠴᠠᠬᠢᠯᠭᠠᠨ ᠨᠠᠪᠳᠡᠷᠡᠭᠦᠯᠵᠦ ᠤᠰᠤᠨ ᠬᠤᠭᠤᠯᠠᠢ ᠲᠠᠭᠠᠷᠠᠭᠤᠯᠵᠤ ᠲᠠᠷᠢᠬᠤ᠂ ᠤᠰᠤᠯᠠᠬᠤ᠂ ᠬᠠᠳᠤᠬᠤ᠂ ᠬᠤᠷᠢᠶᠠᠬᠤ | ᠪᠦᠬᠦᠳᠡ ᠶᠢ ᠮᠠᠰᠢᠨᠴᠢᠯᠠᠭᠰᠠᠨ ᠠᠴᠠ ᠤᠨᠠᠯᠳᠠ ᠴᠤ ᠶᠡᠭᠡ ᠪᠠᠷ ᠨᠡᠮᠡᠭᠳᠡᠵᠦ᠂ ᠬᠤᠷᠰᠢᠶ᠎ᠠ ᠳᠤ ᠤᠷᠤᠭᠰᠠᠨ ᠬᠡᠰᠢᠬᠦᠨ | ᠡᠷᠦᠬᠡ ᠶᠢᠨ ᠤᠷᠤᠯᠭ᠎ᠠ ᠪᠦᠷ ᠬᠡᠳᠦ ᠲᠠᠬᠢᠨ ᠢᠶᠠᠷ ᠨᠠᠮᠡᠭᠳᠡᠭᠰᠡᠨ︾ ᠬᠡᠮᠡᠨ ᠲᠠᠨᠢᠯᠴᠠᠭᠤᠯᠵᠤ ᠪᠢᠯᠡ᠃ |