ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠭᠢᠯᠡᠭᠴᠢ ᠪᠤᠶᠠᠠᠮᠠᠠᠳᠤᠬᠤ ᠰᠥᠯᠳᠠ ᠰᠤᠮᠤᠨ ᠳᠤ ᠬᠦᠷᠴᠦ ᠴᠠᠭᠠᠨ ᠰᠠᠷ᠎ᠠ ᠠᠴᠠ ᠡᠮᠤᠨᠠᠭᠢ ᠪᠤᠯᠭᠤᠭᠠᠨ ᠲᠤᠬᠤᠨᠢᠭᠤᠯᠭ᠎ᠠ ᠬᠢᠪᠡ
ᠨᠡᠶᠢᠲᠡᠯᠡᠭᠰᠡᠨ ᠴᠠᠭ᠄
2019-02-01
     ᠤᠶᠢᠷ᠎ᠠ ᠶᠢᠨ ᠡᠳᠤᠷ᠂ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠭᠢᠯᠡᠭᠴᠢ ᠪᠤᠶᠠᠠᠮᠠᠠᠳᠤᠬᠤ ᠰᠥᠯᠳᠠ ᠰᠤᠮᠤᠨ ᠳᠤ ᠬᠦᠷᠴᠦ ᠭᠥᠴᠢᠷᠳᠠᠯᠳᠠᠢ ᠤᠯᠠᠨ ᠲᠥᠮᠡᠨ᠂ ᠲᠠᠩᠰᠠ ᠪᠠᠶᠢᠭᠤᠯᠤᠨ ᠺᠠᠷᠲ᠋ᠠᠯᠠᠭᠰᠠᠨ ᠭᠥᠴᠢᠷᠳᠠᠯᠳᠠᠢ ᠡᠷᠤᠭᠡ ᠪᠤᠯᠤᠨ ᠴᠡᠷᠢᠭ ᠠᠴᠠ ᠬᠠᠯᠠᠭᠳᠠᠭᠰᠠᠳ ᠢ ᠪᠤᠯᠭᠤᠭᠠᠨ ᠲᠤᠬᠤᠨᠢᠭᠤᠯᠵᠤ ᠨᠠᠮ ᠵᠠᠰᠠᠭ ᠤᠨ ᠬᠠᠯᠠᠭᠤᠨ ᠲᠤᠯᠠᠭᠠᠨ ᠢ ᠭᠥᠷᠭᠡᠵᠤ ᠵᠢᠯ ᠴᠠᠭᠠᠨ ᠰᠠᠷ᠎ᠠ ᠶᠢᠨ ᠮᠠᠨᠳᠤᠴᠢᠯᠠᠯ ᠲᠡᠪᠰᠢᠭᠦᠯᠥᠭᠰᠠᠨ ᠪᠠᠶᠢᠨ᠎ᠠ᠃
     ᠪᠤᠶᠠᠠᠮᠠᠠᠳᠤᠬᠤ ᠭᠥᠴᠢᠷᠳᠠᠯᠳᠠᠢ ᠡᠷᠤᠭᠡ ᠡᠩᠭᠡᠳᠦ᠋ᠬᠦᠷᠡᠩ ᠤᠨ ᠭᠡᠷ ᠲᠤ ᠭᠥᠷᠴᠤ ᠨᠢᠭᠡ ᠭᠡᠷ ᠤᠨ ᠠᠮᠢᠳᠤᠷᠠᠯ  ᠤᠨ ᠪᠠᠶᠢᠳᠠᠯ ᠢ ᠠᠰᠠᠭᠤᠨ ᠤᠶᠢᠯᠠᠭᠠᠵᠤ ᠲᠠᠭᠦᠨ ᠢ ᠭᠥᠴᠢᠷᠳᠠᠯ ᠠᠴᠠ ᠪᠠᠨ ᠡᠷᠳᠡᠭᠡᠨ ᠰᠠᠯᠬᠤ ᠶᠢ ᠵᠤᠷᠢᠭᠵᠢᠭᠤᠯᠤᠭᠰᠠᠨ ᠤ ᠬᠠᠮᠳᠤ ᠬᠤᠯᠪᠤᠭᠳᠠᠯ ᠪᠥᠭᠦᠢ ᠺᠠᠳ᠋ᠷᠴᠤᠳ ᠢ ᠭᠥᠴᠢᠷᠳᠠᠯᠳᠠᠢ ᠤᠯᠠᠨ ᠲᠥᠮᠡᠨ ᠢ ᠬᠠᠯᠠᠮᠵᠢᠯᠠᠨ ᠥᠵᠠᠵᠤ ᠢᠯᠡᠭᠦᠭᠡᠨ ᠪᠤᠳᠠᠳᠤ ᠠᠵᠢᠯ ᠭᠢᠵᠤ ᠥᠭᠭᠦ ᠶᠢ ᠰᠠᠨᠠᠭᠤᠯᠵᠠᠢ᠃
     ᠲᠠᠩᠰᠠ ᠪᠠᠶᠢᠭᠤᠯᠤᠨ ᠺᠠᠷᠲ᠋ᠠᠯᠠᠭᠰᠠᠨ ᠭᠥᠴᠢᠷᠳᠠᠯᠳᠠᠢ ᠡᠷᠤᠭᠡ ᠴᠠᠩ ᠭᠥᠢ ᠯᠢᠨ ᠤ ᠭᠡᠷ ᠲᠤ ᠪᠤᠶᠠᠠᠮᠠᠨᠳᠤᠬᠤ ᠲᠠᠳᠠᠨ ᠤ ᠭᠡᠷ ᠪᠥᠯᠢ ᠶᠢᠨ ᠠᠮᠢᠳᠤᠷᠠᠯ ᠤᠨ ᠪᠠᠶᠢᠳᠠᠯ ᠢ ᠠᠰᠠᠭᠤᠨ ᠶᠠᠳᠠᠭᠤ ᠶᠢ ᠲᠠᠳᠭᠦᠭᠦ ᠠᠷᠭ᠎ᠠ ᠭᠡᠮᠵᠢᠶ᠎ᠠ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠤᠶᠢᠯᠠᠭᠠᠪᠠ᠃ ᠴᠠᠩ ᠭᠥᠢ ᠯᠢᠨ ᠨᠠᠮ ᠵᠠᠰᠠᠭ ᠤᠨ ᠲᠥᠷᠥ ᠶᠢᠨ ᠪᠤᠳᠤᠯᠭ᠎ᠠ  ᠶᠢᠨ ᠰᠠᠶᠢᠨ ᠤᠷᠤᠨᠵᠢᠵᠤ ᠤᠨᠢᠨ ᠲᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ ᠠᠵᠢᠯ ᠯᠠᠪᠳᠠᠭᠤᠨ ᠠᠭᠢᠵᠤ ᠪᠠᠶᠢᠭ᠎ᠠ ᠲᠤᠬᠠᠢ ᠶᠠᠷᠢᠬᠤ ᠳᠤ ᠪᠤᠶᠠᠠᠮᠠᠨᠳᠤᠬᠤ ᠪᠠᠶᠠᠷᠯᠠᠵᠤ ᠪᠠᠶᠢᠭ᠎ᠠ ᠪᠠᠨ ᠢᠯᠠᠷᠭᠡᠶᠢᠯᠡᠭᠰᠠᠨ ᠪᠥᠭᠡᠳ ᠬᠤᠯᠪᠤᠭᠳᠠᠯ ᠪᠥᠭᠦᠢ ᠺᠠᠳ᠋ᠷ ᠢ ᠤᠯᠠᠨ ᠲᠥᠮᠡᠨ ᠤ ᠭᠡᠷᠡᠭᠴᠡᠭᠡ ᠱᠠᠭᠠᠷᠳᠠᠯᠭ᠎ᠠ ᠶᠢ ᠴᠠᠭ ᠲᠠᠷᠤᠢ ᠳᠤ ᠨᠢ ᠤᠶᠢᠯᠠᠭᠠᠨ ᠲᠠᠳᠭᠦᠨ ᠲᠠᠮᠵᠢᠭᠦ ᠠᠷᠭ᠎ᠠ ᠭᠡᠮᠵᠢᠶ᠎ᠠ ᠶᠢ ᠤᠯᠠᠮ ᠨᠢᠭᠡ ᠠᠯᠬᠤᠮ ᠨᠠᠶᠢᠳᠠᠪᠤᠷᠢᠵᠢᠭᠤᠯᠵᠤ ᠤᠯᠠᠨ ᠲᠥᠮᠡᠨ ᠤ ᠠᠮᠢᠳᠤᠷᠠᠯ ᠢ ᠨᠡᠩ ᠪᠠᠶᠠᠨ ᠴᠢᠨᠠᠭᠡᠯᠢᠭ ᠪᠤᠯᠭᠠᠬᠤ ᠶᠢ ᠱᠠᠭᠠᠷᠳᠠᠵᠠᠢ᠃
     ᠪᠤᠶᠠᠠᠮᠠᠠᠳᠤᠬᠤ ᠴᠡᠷᠢᠭ ᠠᠴᠠ ᠬᠠᠯᠠᠭᠳᠠᠭᠰᠠᠨ ᠤᠷᠬᠢᠯᠲᠤ᠂ ᠲᠤᠷᠠᠰᠬᠠᠯᠳᠤ ᠶᠢᠨ ᠭᠡᠷ ᠲᠤ ᠭᠥᠷᠴᠤ᠂ ᠲᠠᠳᠠᠨ  ᠤ ᠥᠢᠯᠡᠳᠪᠤᠷᠢᠯᠠᠯ ᠠᠮᠢᠳᠤᠷᠠᠯ ᠪᠤᠯᠤᠨ ᠭᠡᠷ ᠪᠥᠯᠢ ᠶᠢᠨ ᠪᠠᠶᠢᠳᠠᠯ ᠢ ᠨᠠᠷᠢᠨ ᠯᠠᠪᠯᠠᠨ ᠠᠰᠠᠭᠤᠵᠤ ᠪᠠᠶᠠᠷ ᠪᠠᠶᠠᠰᠤᠯ  ᠲᠠᠢ ᠵᠢᠯ ᠴᠠᠭᠠᠨ ᠰᠠᠷ᠎ᠠ ᠪᠠᠨ ᠥᠩᠭᠡᠷᠡᠭᠦᠯᠭᠦ ᠶᠢ ᠭᠥᠰᠠᠵᠠᠢ᠃ ᠪᠤᠶᠠᠠᠮᠠᠠᠳᠤᠬᠤ ᠢᠯᠠᠷᠭᠡᠶᠢᠯᠠᠭᠦ ᠳᠤ ᠪᠠᠨ ᠴᠡᠷᠢᠭ ᠠᠴᠠ ᠬᠠᠯᠠᠭᠳᠠᠭᠰᠠᠳ᠂ ᠴᠡᠷᠢᠩ ᠠᠩᠭᠢ ᠶᠢᠨ ᠰᠢᠯᠢᠳᠡᠭ ᠤᠯᠠᠮᠵᠢᠯᠠᠯ ᠪᠤᠯᠤᠨ ᠪᠠᠶ᠎ᠠ ᠪᠠᠨ ᠲᠠᠭᠠᠭᠠᠨ ᠥᠪᠠᠷ ᠢᠶᠠᠨ ᠭᠥᠴᠥᠷᠭᠡᠭᠵᠢᠭᠦ ᠵᠤᠷᠢᠭ ᠰᠠᠨᠠᠭ᠎ᠠ ᠶᠢ ᠥᠷᠭᠦᠯᠵᠢᠯᠠᠨ ᠪᠠᠳᠠᠷᠠᠭᠤᠯᠵᠤ ᠪᠥᠭᠦ ᠬᠤᠰᠢᠭᠤᠨ ᠤ ᠨᠣᠮᠢᠨ ᠳᠠᠩᠰᠤᠭ ᠬᠦᠭᠵᠢᠨ ᠮᠠᠨᠳᠤᠯᠳᠠ ᠶᠢ ᠪᠠᠶᠠᠯᠠᠭᠦᠯᠬᠦ ᠲᠤᠮᠳᠠ ᠢᠳᠡᠪᠭᠢᠯᠠᠨ ᠤᠷᠤᠯᠴᠠᠵᠤ ᠭᠡᠷ ᠤᠷᠤᠨ ᠢᠶᠠᠨ ᠪᠥᠳᠥᠭᠡᠨ ᠪᠠᠶᠢᠭᠤᠯᠬᠤ ᠲᠤᠮᠳᠠ ᠰᠢᠨ᠎ᠠ ᠬᠤᠪᠢ ᠨᠠᠮᠠᠷᠢ ᠭᠠᠷᠭᠠᠬᠤ ᠶᠢ ᠭᠥᠰᠡᠵᠤ ᠪᠠᠶᠢᠨ᠎ᠠ ᠭᠡᠵᠡᠢ᠃      ᠲᠤᠬᠤᠨᠢᠭᠤᠯᠭ᠎ᠠ ᠲᠤᠮᠳᠠ ᠪᠤᠶᠠᠠᠮᠠᠠᠳᠤᠬᠤ ᠬᠤᠯᠪᠤᠭᠳᠠᠯ ᠪᠥᠭᠦᠢ ᠭᠥᠮᠤᠰ ᠢ ᠤᠯᠠᠨ ᠲᠥᠮᠡᠨ ᠤ ᠠᠮᠢᠳᠤᠷᠠᠯ ᠢ ᠢᠯᠠᠭᠦᠭᠡᠨ ᠰᠠᠨᠠᠭᠠᠨ ᠳᠤ ᠪᠠᠨ ᠲᠠᠯᠪᠢᠵᠤ ᠭᠥᠴᠢᠷᠳᠠᠯᠳᠠᠢ ᠤᠯᠠᠨ ᠲᠥᠮᠡᠨ ᠪᠠ ᠴᠡᠷᠢᠭ ᠠᠴᠠ ᠬᠠᠯᠠᠭᠳᠠᠭᠰᠠᠳ ᠤᠨ ᠥᠢᠯᠡᠳᠪᠤᠷᠢᠯᠠᠯ ᠠᠮᠢᠳᠤᠷᠠᠯ ᠤᠨ ᠪᠠᠶᠢᠳᠠᠯ ᠢ ᠲᠡᠭᠡᠳᠤ ᠭᠡᠮᠵᠢᠶ᠎ᠠ ᠪᠠᠷ ᠴᠢᠬᠤᠠᠯᠴᠢᠯᠠᠨ ᠥᠵᠠᠵᠤ ᠪᠤᠳᠠᠳᠤ ᠭᠥᠴᠢᠷᠳᠠᠯ  ᠢ ᠴᠠᠭ ᠲᠠᠷᠤᠢ ᠳᠤ ᠨᠢ ᠰᠶᠢᠳᠪᠤᠷᠢᠯᠠᠨ ᠲᠠᠳᠠᠨ ᠳᠤ ᠨᠠᠮ ᠵᠠᠰᠠᠭ ᠤᠨ ᠬᠠᠯᠠᠭᠤᠨ ᠲᠤᠯᠠᠭᠠᠨ ᠬᠠᠯᠠᠮᠵᠢᠯᠠᠯ ᠲᠠᠮᠵᠢᠯᠭᠡ  ᠶᠢ ᠭᠥᠷᠳᠡᠭᠡᠬᠦ ᠶᠢ ᠰᠠᠨᠠᠭᠤᠯᠵᠠᠢ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号