1 ᠰᠠᠷ᠎ᠠ ᠶᠢᠨ 28 ᠤ ᠡᠳᠦᠷ ᠬᠤᠰᠢᠭᠤ ᠤᠯᠤᠰ ᠲᠥᠷᠤ ᠶᠢᠨ ᠵᠥᠪᠯᠡᠯᠭᠡᠨ ᠤ ᠲᠠᠷᠢᠭᠦᠯᠡᠭᠴᠢ ᠬᠤᠤ ᠸᠧᠢ | ᠭᠥᠴᠢᠷᠳᠠᠯᠳᠠᠢ ᠤᠯᠠᠨ ᠲᠥᠮᠡᠨ ᠪᠤᠯᠤᠨ ᠴᠡᠷᠢᠭ ᠠᠴᠠ ᠬᠠᠯᠠᠭᠳᠠᠭᠰᠠᠳ ᠢ ᠪᠤᠯᠭᠤᠭᠠᠨ ᠲᠤᠬᠤᠨᠢᠭᠤᠯᠵᠤ ᠲᠠᠳᠠᠨ ᠳᠤ | ᠲᠤᠬᠤᠨᠢᠭᠤᠯᠭ᠎ᠠ ᠶᠢᠨ ᠮᠥᠩᠭᠦ ᠭᠥᠷᠭᠡᠭᠦ ᠶᠢᠨ ᠬᠠᠮᠳᠤ ᠪᠠᠶᠠᠷ ᠤᠨ ᠡᠳᠤᠷ ᠤᠨ ᠮᠠᠨᠳᠤᠴᠢᠯᠠᠯ ᠲᠠᠪᠰᠢᠭᠦᠯᠪᠡ᠃ | ᠬᠤᠯᠪᠤᠭᠳᠠᠯ ᠪᠥᠭᠦᠢ ᠰᠠᠯᠠᠭ᠎ᠠ ᠮᠥᠴᠢᠷ ᠤᠨ ᠬᠠᠷᠢᠭᠤᠴᠠᠯᠭᠠᠳᠠᠨ ᠪᠠᠷᠠᠳᠠᠪᠠ᠃ | ᠬᠤᠤ ᠸᠧᠢ ᠨᠠᠷ ᠤᠷᠢᠳ ᠬᠤᠵᠢᠳ ᠲᠤᠭ ᠪᠠᠯᠭᠠᠰᠤᠨ ᠤ ᠰᠢᠷᠭᠠᠮᠤᠷᠢ ᠲᠤᠰᠬᠤᠨ ᠤ ᠴᠡᠷᠢᠭ ᠠᠴᠠ | ᠬᠠᠯᠠᠭᠳᠠᠭᠰᠠᠨ ᠰᠢᠶᠧ ᠵᠤ᠋ ᠼᠠᠢ᠂ ᠲᠤᠭ ᠪᠠᠯᠭᠠᠰᠤᠨ ᠤ ᠬᠤᠵᠢᠷᠳᠤ ᠲᠤᠰᠬᠤᠨ ᠤ ᠴᠡᠷᠢᠭ ᠠᠴᠠ ᠬᠠᠯᠠᠭᠳᠠᠭᠰᠠᠨ | ᠭᠤᠤ ᠢᠤᠢ ᠰᠢᠶᠠᠩ ᠤᠨ ᠬᠢᠨ ᠪᠤᠯᠤᠨ ᠶᠠᠳᠠᠭᠤ ᠭᠥᠴᠢᠷᠳᠠᠯᠳᠠᠢ ᠲᠠᠢ ᠡᠷᠤᠭᠡ ᠯᠢᠤ ᠵᠧᠨ ᠰᠢᠤ ᠶᠢᠨ ᠳᠤ ᠭᠥᠷᠴᠤ | ᠲᠠᠳᠠᠨ ᠲᠠᠢ ᠲᠤᠳᠤᠨᠤᠰᠤᠭ ᠢᠶᠠᠷ ᠶᠠᠷᠢᠯᠴᠠᠨ ᠥᠢᠯᠡᠳᠪᠤᠷᠢᠯᠠᠯ ᠠᠮᠢᠳᠤᠷᠠᠯ ᠤᠨ ᠪᠠᠶᠢᠳᠠᠯ᠂ ᠪᠠᠶ᠎ᠠ ᠮᠠᠬᠠᠪᠤᠳ ᠤᠨ | ᠪᠠᠶᠢᠳᠠᠯ᠂ ᠭᠡᠷ ᠪᠥᠯᠢ ᠶᠢᠨ ᠪᠠᠶᠢᠳᠠᠯ ᠢ ᠬᠠᠯᠠᠮᠵᠢᠯᠠᠨ ᠠᠰᠠᠭᠤᠵᠤ ᠬᠠᠷᠠᠭᠠᠯᠵᠠᠯ ᠤᠨ ᠲᠥᠷᠥ ᠶᠢᠨ ᠪᠤᠳᠤᠯᠭ᠎ᠠ ᠶᠢ | ᠨᠠᠷᠢᠨ ᠲᠠᠶᠢᠯᠪᠤᠷᠢᠯᠠᠨ ᠥᠭᠴᠤ᠂ ᠨᠠᠮ ᠵᠠᠰᠠᠭ ᠤᠨ ᠬᠠᠯᠭᠠᠤᠨ ᠲᠤᠯᠠᠭᠠᠨ ᠬᠠᠯᠠᠮᠵᠢᠯᠠᠯ ᠲᠠᠮᠵᠢᠯᠭᠡ ᠶᠢ ᠭᠥᠷᠭᠡᠬᠦ ᠶᠢᠨ | ᠬᠠᠮᠳᠤ ᠬᠤᠯᠪᠤᠭᠳᠠᠯ ᠪᠥᠭᠦᠢ ᠭᠥᠮᠤᠰ ᠢ ᠴᠡᠷᠢᠭ ᠠᠴᠠ ᠬᠠᠯᠭᠳᠠᠭᠰᠠᠳ ᠪᠠ ᠶᠠᠳᠠᠭᠤ ᠭᠥᠴᠢᠷᠳᠠᠯᠳᠠᠢ ᠤᠯᠠᠨ ᠲᠥᠮᠡᠨ | ᠤ ᠡᠳᠤᠷ ᠲᠤᠳᠤᠮ ᠤᠨ ᠠᠮᠢᠳᠤᠷᠠᠯ ᠢ ᠢᠯᠡᠭᠦᠭᠡᠨ ᠬᠠᠯᠠᠮᠵᠢᠯᠠᠨ ᠥᠵᠠᠵᠤ ᠪᠤᠳᠠᠳᠤ ᠥᠢᠯᠡ ᠠᠵᠢᠯᠯᠠᠭ᠎ᠠ ᠪᠠᠷ ᠢᠶᠠᠨ | ᠲᠠᠳᠠᠨ ᠤ ᠠᠮᠢᠳᠤᠷᠠᠯ ᠳᠤ ᠲᠤᠯᠭᠠᠷᠠᠵᠤ ᠪᠠᠶᠢᠭ᠎ᠠ ᠭᠥᠴᠢᠷᠳᠠᠯ ᠢ ᠰᠢᠢᠳᠪᠦᠷᠢᠯᠡᠨ ᠥᠭᠭᠦ ᠶᠢ ᠰᠠᠨᠠᠭᠤᠯᠵᠠᠢ᠃ |