ᠡᠪᠦᠯ ᠤᠨ ᠬᠦᠢᠲᠡᠨ ᠳᠤ ᠤᠤᠭᠤᠬᠤ ᠤᠰᠤ ᠪᠠᠨ ᠳᠠᠮᠨᠠᠬᠤ ᠶᠢ ︽ᠴᠠᠭᠠᠰᠢ ᠪᠠᠨ ᠶᠠᠪᠤᠬᠤ ᠳᠤ ᠬᠠᠨᠭ᠍ᠭᠢᠷ | ᠵᠢᠩᠭᠢᠷ᠂ ᠨᠠᠭᠠᠰᠢ ᠪᠠᠨ ᠢᠷᠡᠬᠦ ᠳᠤ ᠤᠬᠢᠯᠠᠭ ᠳᠠᠭᠤᠯᠠᠭ︾ ᠬᠡᠮᠡᠨ ᠤᠨᠢᠰᠤᠭ᠎ᠠ ᠪᠤᠯᠭᠠᠨ ᠲᠠᠭᠠᠯᠴᠠᠳᠠᠭ ᠪᠠᠶᠢᠭᠰᠠᠨ ᠨᠢ | ᠦᠨᠡᠨ᠃ ᠤᠳᠤ ᠴᠤ ᠬᠡᠰᠡᠨ ᠤᠯᠠᠩᠭᠢ ᠮᠠᠯᠴᠢᠳ ᠬᠡᠷ ᠠᠴᠠ ᠪᠠᠨ ᠵᠢᠭᠠᠬᠠᠨ ᠵᠠᠢ ᠲᠠᠢ ᠬᠤᠳᠳᠤᠭ ᠠᠴᠠ ᠤᠰᠤ | ᠵᠦᠬᠡᠬᠡᠨ ᠴᠠᠢ ᠪᠤᠳᠠᠭ᠎ᠠ ᠪᠠᠨ ᠴᠢᠨᠠᠳᠠᠭ ᠪᠠᠶᠢᠬᠤ ᠳᠤ ᠦᠤᠰᠢᠨ ᠬᠤᠰᠢᠭᠤᠨ ᠤ ᠲᠤᠭ ᠪᠠᠯᠭᠠᠰᠤᠨ ᠤ ᠮᠡᠶᠢᠷᠡᠨᠰᠦ᠋ᠮ᠎ᠡ | ᠭᠠᠴᠠᠭᠠᠨ ᠤ ᠮᠤᠳᠤᠨᠴᠠᠶᠢᠳᠠᠮ ᠮᠠᠯᠵᠢᠯ ᠤᠨ ᠬᠤᠷᠰᠢᠶᠡᠨ ᠤ ᠴᠠᠭᠠᠨᠯᠢᠩᠬᠸᠠ ᠶᠢᠨ ᠳᠤ ᠬᠠᠷᠢᠨ ᠲᠦᠬᠡᠬᠡᠯ ᠤᠰᠤ | ᠨᠡᠪᠲᠡᠷᠡᠵᠤ᠂ ᠠᠮᠢᠳᠤᠷᠠᠯ ᠤᠨᠳᠤᠷᠤᠯ ᠳᠤᠨᠢ ᠶᠡᠬᠡᠬᠡᠨ ᠲᠦᠬᠦᠮ ᠪᠤᠯᠤᠭᠰᠠᠨ ᠪᠠᠶᠢᠯ᠎ᠠ᠃ | ᠴᠠᠭᠠᠨᠯᠢᠩᠬᠸᠠ ᠶᠢᠨ ᠬᠦᠳᠡᠭᠡ ᠬᠡᠷ ᠨᠢ ᠬᠤᠲᠠ ᠶᠢᠨ ᠬᠢ ᠠᠴᠠ ᠢᠯᠭᠠᠭᠳᠠᠬᠤ ᠪᠠᠷ ᠦᠭᠡᠢ ᠪᠠᠶᠢᠵᠤ᠂ | ᠲᠤᠭᠤᠭᠠᠨ ᠬᠡᠷ᠂ ᠠᠷᠢᠭᠤᠨ ᠴᠡᠪᠡᠷ ᠤᠨ ᠲᠠᠰᠤᠯᠭ᠎ᠠ ᠳᠤᠨᠢ ᠪᠦᠷ ᠲᠦᠬᠡᠬᠡᠯ ᠤᠰᠤ ᠨᠡᠪᠲᠡᠷᠡᠭᠡᠳ᠂ ᠬᠠᠯᠠᠭᠤᠨ ᠤᠰᠤ | ᠬᠠᠨᠠᠨ ᠠᠴᠠ ᠪᠠᠨ ᠠᠪᠴᠤ᠂ ᠴᠠᠬᠢᠯᠭᠠᠨ ᠵᠤᠤᠬᠠᠨ ᠳᠤ ᠴᠠᠢ ᠪᠠᠨ ᠴᠢᠨᠠᠵᠤ᠂ ᠠᠭᠤᠷ ᠬᠦᠶᠦᠭᠰᠡᠨ ᠪᠠᠶᠢᠰᠢᠩ ᠳᠤ | ᠰᠠᠭᠤᠵᠤ᠂ ᠤᠲᠤᠭ᠎ᠠ ᠦᠭᠡᠢ ᠭᠠᠯ ᠳᠤ ᠴᠠᠢ ᠴᠢᠨᠠᠳᠠᠭ ᠪᠤᠯᠤᠭᠰᠠᠨ ᠰᠢᠨ᠎ᠡ ᠴᠠᠭ ᠦᠶ᠎ᠡ ᠶᠢᠨ ᠮᠠᠯᠴᠢᠨ ᠠᠶᠢᠯ ᠪᠠᠶᠢᠯ᠎ᠠ | ᠃ ᠴᠠᠭᠠᠨᠯᠢᠩᠬᠸᠠ ᠰᠤᠷᠪᠤᠯᠵᠢᠯᠠᠭᠴᠢ ᠳᠤ᠄ ︽ᠤᠳᠤ ᠴᠤ ᠮᠠᠨ ᠤ ᠬᠦᠳᠡᠭᠡ ᠤᠷᠤᠨ ᠢᠶᠠᠷ ᠶᠠᠭᠤ ᠴᠤ | ᠲᠤᠲᠠᠭᠳᠠᠬᠤ ᠪᠠᠨ ᠪᠠᠶᠢᠴᠢᠬᠠᠯ᠎ᠠ᠂ ᠮᠠᠨᠤᠰ ᠢ ᠵᠠᠯᠠᠭᠤ ᠪᠠᠶᠢᠬᠤ ᠳᠤ ᠴᠠᠭᠠᠨ ᠰᠠᠷ᠎ᠠ ᠶᠢᠨ ᠪᠤᠭᠤᠷᠰᠤᠭ ᠵᠤᠳᠤᠭᠤᠯᠬᠤ | ᠬᠡᠵᠤ ᠦᠪᠡᠷ ᠤᠨ ᠲᠠᠷᠢᠭᠰᠠᠨ ᠪᠤᠭᠤᠲᠠᠢ ᠪᠤᠯᠤᠨ ᠬᠤᠳᠠᠯᠳᠤᠵᠤ ᠠᠪᠤᠭᠰᠠᠨ ᠴᠢᠪᠠᠭ᠎ᠠ ᠪᠠᠨ ᠯᠠᠭᠤᠰᠠᠨ ᠬᠠᠰᠠᠭ | ᠲᠡᠭᠡᠷ᠎ᠡ ᠠᠴᠢᠭᠠᠳ ᠪᠤᠭᠤᠷᠰᠤᠭ ᠵᠤᠳᠤᠬᠤ ᠠᠶᠢᠯ ᠳᠤ ᠬᠦᠷᠴᠤ ᠪᠠᠷᠤᠭ ᠭᠤᠷᠪᠠ ᠲᠦᠷᠪᠡᠨ ᠡᠳᠦᠷ ᠬᠦᠯᠢᠶᠡᠳᠡᠭ | ᠪᠠᠶᠢᠭᠰᠠᠨ᠂ ᠮᠦᠨ ᠴᠤ ᠲᠡᠷᠡ ᠦᠶᠡᠰ ᠤᠨ ᠴᠠᠭᠠᠨ ᠰᠠᠷ᠎ᠠ ᠬᠡᠵᠤ ᠶᠤᠰᠤᠲᠠᠢ ᠬᠦᠢᠲᠡᠨ ᠪᠠᠶᠢᠵᠤ᠂ ᠪᠦᠲᠦᠨ ᠵᠢᠯ ᠢᠶᠠᠷ | ᠬᠤᠷᠢᠶᠠᠵᠤ ᠪᠠᠶᠢᠭᠰᠠᠨ ᠬᠤᠪᠴᠠᠰᠤ ᠪᠠᠨ ᠡᠮᠦᠰᠦᠬᠡᠳ ᠠᠶᠢᠯᠴᠢᠨ ᠬᠡᠶᠢᠴᠢᠨ ᠤᠭᠲᠤᠬᠤ ᠶᠢᠨ ᠬᠠᠮᠲᠤ ᠬᠤᠨᠢ | ᠮᠠᠯ ᠢᠶᠠᠨ ᠤᠰᠤᠯᠠᠨ᠎ᠠ ᠬᠡᠳ ᠤᠰᠤ ᠤᠳᠬᠤᠭᠠᠳ ᠤᠡᠭᠭᠤᠴᠠᠨ ᠳᠠᠭᠠᠨ ᠬᠢᠬᠦ ᠳᠤ ᠲᠡᠷᠡ ᠨᠢ ᠴᠠᠪᠳᠠᠭᠳᠠᠭᠠᠳ | ᠦᠮᠦᠳᠤ ᠲᠠᠢ ᠨᠡᠶᠢᠯᠡᠬᠡᠳ ᠬᠦᠯᠳᠡᠴᠢᠬᠡᠳᠡᠭ᠂ ᠤᠷᠴᠢᠮ ᠤᠨ ᠵᠢᠯ ᠠᠴᠠ ᠠᠮᠢᠳᠤᠷᠠᠯ ᠤᠨᠳᠤᠷᠤᠯ ᠰᠠᠶᠢᠵᠢᠷᠠᠭᠠᠳ᠂ ᠵᠠᠮ | ᠴᠠᠬᠢᠯᠭᠠᠨ ᠴᠤ ᠨᠡᠪᠲᠡᠷᠡᠵᠤ᠂ ᠲᠦᠷᠦᠬᠦᠦ ᠪᠠᠷ ᠲᠦᠬᠡᠬᠡᠯ ᠤᠰᠤ ᠴᠤ ᠨᠡᠪᠲᠡᠷᠡᠭᠰᠡᠨ ᠪᠤᠯᠬᠤᠷ ᠴᠤᠬᠤᠮ ᠠᠮᠠᠷ ᠪᠤᠯᠵᠠᠢ | ︾ ᠬᠡᠮᠡᠨ ᠶᠠᠷᠢᠵᠤ ᠪᠠᠶᠢᠯ᠎ᠠ᠃ | ᠤᠢᠢᠯᠠᠭᠠᠭᠰᠠᠨ ᠢᠶᠠᠷ᠂ ᠴᠠᠭᠠᠨᠯᠢᠩᠬᠸᠠ ᠶᠢᠨ ᠠᠶᠢᠮᠠᠭ ᠵᠡᠷᠬᠡᠯᠡᠳᠡᠭᠡ ᠪᠤᠯᠤᠭᠰᠠᠨ ᠮᠡᠶᠢᠷᠡᠨᠰᠦ᠋ᠮ᠎ᠡ ᠭᠠᠴᠠᠭᠠᠨ ᠤ | ᠮᠤᠳᠤᠨᠴᠠᠶᠢᠳᠠᠮ ᠮᠠᠯᠵᠢᠯ ᠤᠨ ᠬᠤᠷᠰᠢᠶᠡᠨ ᠤ 13 ᠡᠷᠦᠬᠡ ᠳᠤ ᠴᠦᠮ ᠲᠦᠬᠡᠬᠡᠯ ᠤᠰᠤ ᠨᠠᠪᠲᠡᠷᠡᠵᠤ᠂ ᠪᠤᠰᠤᠳ | ᠠᠶᠢᠯ ᠤᠳ ᠨᠢ ᠴᠤ ᠬᠦᠨ ᠬᠤᠳᠳᠤᠭ ᠲᠠᠢ ᠪᠤᠯᠵᠤ᠂ ᠲᠡᠭᠦᠨ ᠳᠡᠭᠡᠨ ᠴᠠᠬᠢᠯᠭᠠᠨ ᠤᠰᠤᠨ ᠲᠠᠳᠠᠭᠤᠷ ᠤᠭᠰᠠᠷᠠᠭᠰᠠᠨ | ᠪᠤᠯᠬᠤᠷ ᠤᠰᠤ ᠤᠮᠳᠠ ᠬᠡᠮᠡᠨ ᠬᠡᠷ ᠠᠴᠠ ᠭᠠᠷᠬᠤ ᠤᠴᠢᠷ ᠦᠭᠡᠢ ᠪᠤᠯᠤᠭᠰᠠᠨ ᠨᠢ ᠰᠠᠷ᠎ᠠ ᠰᠢᠨ᠎ᠡ ᠶᠢᠨ ᠪᠠᠶᠠᠷᠲᠤ | ᠳᠠᠭᠤᠯᠠᠯ ᠪᠤᠯᠤᠭᠰᠠᠨ ᠬᠡᠯᠲᠡᠢ᠃ ᠲᠡᠭᠡᠪᠡᠯ ᠶᠠᠭᠠᠬᠢᠭᠠᠳ ᠪᠤᠶᠢᠲᠠ ᠪᠦᠭᠯᠡᠬᠦᠦ ᠬᠦᠳᠡᠭᠡ ᠠᠶᠢᠯ ᠳᠤ ᠲᠦᠬᠡᠬᠡᠯ ᠤᠰᠤ | ᠨᠠᠪᠲᠡᠷᠡᠪᠡ︖ ᠬᠤᠪᠢ ᠠᠶᠢᠯ ᠦᠪᠡᠷ ᠢᠶᠠᠨ ᠮᠦᠡᠭᠭᠦ ᠬᠤᠷᠠᠮᠳᠤᠭᠤᠯᠵᠤ ᠢᠡᠭᠭᠢᠵᠤ ᠬᠢᠪᠡᠯ ᠵᠤᠭᠤᠰ ᠬᠡᠳᠦᠢ | ᠵᠠᠷᠤᠴᠠᠭᠤᠯᠬᠤ ᠪᠤᠯ︖ | ︽ᠦᠤᠰᠢᠨ ᠬᠤᠰᠢᠭᠤᠨ ᠤ ᠮᠦᠡᠭᠬᠡᠵᠢᠨ ᠬᠦᠳᠡᠯᠮᠦᠷᠢ ᠦᠢᠯᠡᠴᠢᠯᠡᠬᠡᠨ ᠤ ᠬᠢᠵᠠᠭᠠᠷᠲᠤ ᠺᠤᠮᠫᠠᠨᠢ︾ ᠡᠨᠡ | ᠶᠠᠪᠤᠳᠠᠯ ᠲᠠᠢ ᠰᠠᠯᠤᠰᠢ ᠦᠭᠡᠢ ᠬᠤᠯᠪᠤᠭ᠎ᠠ ᠲᠠᠢ ᠪᠠᠶᠢᠵᠤ᠂ 2018 ᠤᠨ ᠤ ᠬᠠᠪᠤᠷ ᠠᠴᠠ ᠡᠬᠢᠯᠡᠨ ᠮᠡᠶᠢᠷᠡᠨᠰᠦ᠋ᠮ᠎ᠡ | ᠭᠠᠴᠠᠭᠠᠨ ᠤ ᠮᠤᠳᠤᠨᠴᠠᠶᠢᠳᠠᠮ ᠮᠠᠯᠵᠢᠯ ᠤᠨ ᠬᠤᠷᠰᠢᠶᠡᠨ ᠤ ᠠᠶᠢᠯ ᠡᠷᠦᠬᠡ ᠨᠦᠭᠦᠳ ᠲᠤ ᠬᠤᠳᠳᠤᠭ ᠮᠠᠯᠲᠠᠬᠤ ᠶᠢᠨ | ᠬᠠᠮᠲᠤ ᠴᠠᠬᠢᠯᠭᠠᠨ ᠤᠰᠤᠨ ᠲᠠᠳᠠᠭᠤᠷ ᠤᠭᠰᠠᠷᠠᠨ ᠰᠦᠯᠢᠶᠤᠤ ᠬᠤᠭᠤᠯᠠᠢ ᠪᠠᠷ ᠲᠤᠭᠤᠭᠠᠨ ᠬᠡᠷ ᠲᠤᠨᠢ | ᠨᠡᠪᠲᠡᠷᠡᠬᠦᠯᠵᠡᠢ᠂ ᠮᠦᠨ ᠴᠤ ᠨᠡᠯᠢᠶᠡᠳ ᠤᠢᠢᠷᠠᠬᠠᠨ ᠰᠠᠭᠤᠵᠤ ᠪᠠᠶᠢᠭ᠎ᠠ 13 ᠠᠶᠢᠯ ᠤᠨ ᠲᠤᠮᠳᠠ ᠨᠢ 380 | ᠮᠧᠲᠷ ᠤᠨ ᠬᠤᠳᠳᠤᠭ ᠮᠠᠯᠲᠠᠨ᠂ ᠴᠠᠬᠢᠯᠭᠠᠨ ᠤᠰᠤᠨ ᠲᠠᠳᠠᠭᠤᠷ ᠵᠢᠴᠢ ᠲᠠᠷᠤᠯᠲᠠ ᠶᠢᠨ ᠮᠠᠰᠢᠨ ᠤᠭᠰᠠᠷᠠᠨ᠂ ᠡᠨᠡ | 13 ᠡᠷᠦᠬᠡ ᠨᠢ ᠦᠪᠡᠷ ᠢᠶᠠᠨ ᠮᠦᠡᠭᠭᠦ ᠭᠠᠷᠭᠠᠵᠤ ᠭᠠᠵᠠᠷ ᠲᠤᠤᠷᠠᠬᠢ ᠰᠦᠯᠢᠶᠤᠤ ᠬᠤᠭᠤᠯᠠᠢ ᠪᠠᠨ ᠤᠭᠰᠠᠷᠠᠨ ᠬᠡᠷ | ᠬᠡᠷ ᠲᠡᠭᠡᠨ ᠬᠦᠷᠭᠡᠭᠰᠡᠨ ᠢᠶᠠᠷ ᠲᠦᠬᠡᠬᠡᠯ ᠤᠰᠤ ᠲᠠᠢ ᠪᠤᠯᠤᠭᠰᠠᠨ ᠪᠠᠶᠢᠨ᠎ᠠ᠃ ︽ᠦᠤᠰᠢᠨ ᠬᠤᠰᠢᠭᠤᠨ ᠤ | ᠮᠦᠡᠭᠬᠡᠵᠢᠨ ᠬᠦᠳᠡᠯᠮᠦᠷᠢ ᠦᠢᠯᠡᠴᠢᠯᠡᠬᠡᠨ ᠤ ᠬᠢᠵᠠᠭᠠᠷᠲᠤ ᠺᠤᠮᠫᠠᠨᠢ︾ ᠶᠢᠨ ᠵᠠᠬᠢᠷᠤᠯ ᠤᠳᠬᠠᠨᠳᠦ᠋ᠬᠦᠷᠡᠩ | ᠰᠤᠷᠪᠤᠯᠵᠢᠯᠠᠭᠴᠢ ᠳᠤ᠄ ︽ᠤᠰᠤ ᠤᠮᠳᠠ ᠶᠢᠨ ᠠᠰᠠᠭᠤᠳᠠᠯ ᠪᠤᠯ ᠠᠮᠢᠳᠤᠷᠠᠯ ᠤᠨ ᠴᠢᠬᠤᠯᠠ ᠨᠢᠬᠡ ᠵᠦᠢᠯ᠂ ᠮᠦᠨ | ᠴᠤ ᠮᠠᠨ ᠤ ᠬᠦᠳᠡᠭᠡ ᠶᠢᠨ ᠮᠠᠯᠴᠢᠳ ᠰᠢᠨ᠎ᠡ ᠴᠠᠭ ᠦᠶ᠎ᠡ ᠶᠢᠨ ᠠᠯᠬᠤᠭ᠎ᠠ ᠳᠠᠭᠠᠵᠤ ᠬᠦᠭᠵᠢᠨ ᠴᠡᠴᠡᠭᠯᠡᠬᠦ ᠳᠤ | ᠬᠡᠷ ᠲᠡᠭᠡᠨ ᠲᠦᠬᠡᠬᠡᠯ ᠤᠰᠤ ᠲᠠᠢ ᠪᠤᠯᠬᠤ ᠨᠢ ᠲᠤᠬᠠᠢ ᠶᠢᠨ ᠭᠠᠵᠠᠷ ᠤᠷᠤᠨ ᠤ ᠬᠦᠭᠵᠢᠯᠲᠡ ᠶᠢ ᠨᠢᠬᠡᠨ ᠬᠡᠮᠵᠢᠶᠡᠨ ᠳᠤ | ᠬᠠᠷᠠᠭᠤᠯᠵᠤ ᠴᠢᠳᠠᠳᠠᠭ᠂ ᠪᠢ ᠨᠤᠲᠤᠭ ᠤᠨ ᠢᠶᠠᠨ ᠮᠠᠯᠴᠢᠳ ᠲᠠᠭᠠᠨ ᠵᠢᠭᠠᠬᠠᠨ ᠴᠤ ᠭᠡᠰᠡᠨ ᠲᠤᠰᠠ ᠪᠤᠶᠠᠨ ᠪᠤᠯᠤᠶ᠎ᠠ | ᠬᠡᠮᠡᠨ ᠡᠨᠡ ᠰᠠᠨᠠᠭᠠᠴᠢᠯᠠᠭ᠎ᠠ ᠶᠢ ᠭᠠᠷᠭᠠᠬᠰᠠᠨ ᠶᠤᠮ᠃ ᠡᠨᠡ ᠤᠳᠠᠭ᠎ᠠ 18 ᠲᠦᠮᠡᠨ ᠲᠦᠬᠦᠷᠢᠭ ᠭᠠᠷᠭᠠᠨ | ᠬᠤᠳᠳᠤᠭ ᠮᠠᠯᠲᠠᠬᠤ᠂ ᠮᠠᠰᠢᠨ ᠤᠭᠰᠠᠷᠠᠬᠤ ᠵᠢᠴᠢ ᠠᠮᠠᠨᠴᠢᠷᠭ᠎ᠠ ᠠᠴᠠ ᠪᠠᠭ᠎ᠠ ᠬᠤᠭᠤᠯᠠᠶᠢᠲᠤ ᠬᠦᠷᠬᠦ ᠵᠠᠰᠠᠮᠠᠯ | ᠵᠠᠮ ᠤᠨ ᠲᠤᠤᠭᠤᠷ ᠬᠤᠭᠤᠯᠠᠢ ᠤᠭᠰᠠᠷᠠᠬᠤ ᠳᠤ ᠵᠠᠷᠤᠴᠠᠭᠤᠯᠤᠨ᠂ ᠲᠦᠬᠡᠬᠡᠯ ᠤᠰᠤ ᠨᠡᠪᠲᠡᠷᠡᠭᠰᠡᠨ ᠠᠶᠢᠯ ᠤᠳ | ᠵᠦᠪᠬᠡᠨ ᠰᠦᠯᠢᠶᠤᠤ ᠬᠤᠭᠤᠯᠠᠢ ᠪᠠᠨ ᠤᠭᠰᠠᠷᠠᠪᠠᠯ ᠪᠤᠯᠴᠢᠬᠠᠨ᠎ᠠ︾ ᠬᠡᠮᠡᠨ ᠶᠠᠷᠢᠵᠤ ᠪᠠᠶᠢᠯ᠎ᠠ᠃ | ᠴᠠᠭᠠᠨᠯᠢᠩᠬᠸᠠ ᠶᠢᠨ ᠬᠢ ᠡᠨᠡ ᠤᠳᠠᠭ᠎ᠠ ᠵᠦᠪᠬᠡᠨ 6000 ᠲᠦᠬᠦᠷᠢᠭ ᠵᠠᠷᠤᠴᠠᠭᠤᠯᠤᠭᠠᠳ ᠲᠦᠬᠡᠬᠡᠯ ᠤᠰᠤ ᠲᠠᠢ | ᠪᠤᠯᠵᠤ᠂ ᠪᠤᠰᠤᠳ ᠠᠶᠢᠯ ᠨᠢ ᠬᠤᠳᠳᠤᠭ ᠠᠴᠠ ᠬᠤᠯᠠ ᠤᠢᠢᠷ᠎ᠠ ᠶᠢᠨ ᠵᠦᠷᠢᠶ᠎ᠡ ᠪᠠᠷ ᠵᠠᠷᠤᠴᠠᠭᠤᠯᠤᠭᠰᠠᠨ ᠮᠦᠡᠭᠭᠦ ᠨᠢ | ᠴᠤ ᠪᠠᠭ᠎ᠠ ᠰᠠᠭ᠎ᠠ ᠵᠦᠷᠢᠶ᠎ᠠ ᠲᠠᠢ ᠪᠠᠶᠢᠯ᠎ᠠ᠃ | ︽ᠵᠡᠬᠦᠳᠦᠨ ᠳᠤ ᠦᠭᠡᠢ ᠶᠠᠪᠤᠳᠠᠯ ᠡᠭᠦᠳᠡᠨ ᠳᠤ︾ ᠬᠡᠳᠡᠭ ᠢᠶᠠᠷ ᠮᠠᠯᠴᠢᠨ ᠠᠶᠢᠯ ᠤᠨ ᠬᠡᠷ ᠲᠤ ᠲᠦᠬᠡᠬᠡᠯ | ᠤᠰᠤ ᠨᠡᠪᠲᠡᠷᠡᠭᠰᠡᠨ ᠨᠢ ᠬᠦᠳᠡᠭᠡ ᠲᠤᠰᠬᠤᠨ ᠤ ᠬᠦᠭᠵᠢᠨ ᠴᠡᠴᠡᠭᠯᠡᠯ ᠤᠨ ᠰᠢᠨ᠎ᠡ ᠨᠢᠬᠡᠨ ᠬᠠᠭᠤᠳᠠᠰᠤ ᠶᠢ ᠪᠢᠴᠢᠭᠯᠡᠬᠦ | ᠪᠤᠢ ᠶᠠ︕ |