︽ᠭᠤᠨᠢᠭ ᠬᠡᠵᠤ ᠭᠤᠶᠤ ᠪᠦᠰᠡᠭᠦᠢ︾ ᠰᠢᠯᠦᠭ ᠤᠨ ᠲᠡᠭᠦᠪᠦᠷᠢ ᠤᠩᠰᠢᠬᠴᠢᠳ ᠲᠠᠢ ᠪᠠᠨ ᠵᠤᠯᠭᠠᠯ᠎ᠠ
ᠨᠡᠶᠢᠲᠡᠯᠡᠭᠰᠡᠨ ᠴᠠᠭ᠄
2019-02-14
      2 ᠰᠠᠷ᠎ᠠ ᠶᠢᠨ 13 ᠤ ᠡᠳᠦᠷ᠂ ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠨᠠᠶᠢᠷᠠᠭᠤᠯᠬᠤ ᠭᠡᠯᠳᠡᠰ ᠠᠴᠠ ᠭᠤᠤᠯᠯᠠᠨ ᠡᠷᠭᠢᠯᠡᠭᠰᠡᠨ ᠬᠠᠩᠬᠢᠨ ᠬᠢᠴᠢᠶᠠᠯᠳᠤ ᠶᠢᠨ ᠰᠢᠯᠦᠭ ᠤᠨ ᠲᠡᠭᠦᠪᠤᠷᠢ ︽ᠭᠤᠨᠢᠭ ᠬᠡᠵᠤ ᠭᠤᠶᠤ ᠪᠦᠰᠡᠭᠦᠢ︾ ᠨᠤᠮ ᠤᠨ ᠨᠡᠭᠡᠭᠡᠯᠳᠡ ᠶᠢᠨ ᠶᠤᠰᠤᠯᠠᠯ ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ  ︽ᠤᠯᠠᠨ ᠬᠤᠷᠠᠬᠤ︾ ᠤᠷᠠᠨ ᠪᠦᠳᠦᠭᠡᠯ ᠤᠨ ᠲᠡᠯᠭᠡᠨ ᠦᠵᠡᠭᠦᠯᠤᠯᠭᠡ ᠶᠢᠨ ᠬᠤᠷᠠᠯ ᠤᠨ ᠭᠡᠷ ᠲᠤ ᠶᠠᠪᠤᠬᠳᠠᠵᠤ᠂ ᠤᠷᠳᠤᠰ ᠬᠤᠳᠠ᠂ ᠤᠳᠤᠭ ᠬᠤᠰᠢᠭᠤ᠂ ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠬᠠᠮᠢᠶ᠎ᠠ ᠪᠦᠭᠦᠢ ᠤᠳᠤᠷᠢᠳᠤᠯᠭ᠎ᠠ ᠶᠤᠰᠤᠯᠠᠯ ᠳᠤ ᠤᠷᠤᠯᠴᠠᠨ᠂ ᠬᠠᠨᠭ᠍ᠬᠢᠨ ᠬᠢᠴᠢᠶᠠᠯᠳᠤ ᠲᠠᠢ ᠬᠠᠮᠳᠤ ᠨᠤᠮ ᠤᠨ ᠬᠠᠳᠠᠭ ᠢ ᠰᠡᠭᠦᠪᠡ᠃
     ᠬᠠᠩᠬᠢᠨ ᠬᠢᠴᠢᠶᠠᠯᠳᠤ 1970 ᠤᠨ ᠳᠤ ᠦᠤᠰᠢᠨ ᠬᠤᠰᠢᠭᠤᠨ ᠤ ᠭᠠᠯᠠᠭᠤᠳᠤ ᠰᠤᠮᠤᠨ ᠳᠤ ᠲᠦᠷᠦᠵᠤ ᠦᠰᠦᠭᠰᠡᠨ ᠶᠤᠮ᠃ ᠦᠤᠰᠢᠨ ᠬᠤᠰᠢᠭᠤᠨ ᠤ ᠵᠤᠬᠢᠶᠠᠯᠴᠢᠳ ᠤᠨ ᠡᠪᠯᠡᠯ ᠤᠨ ᠭᠡᠰᠢᠭᠦᠨ᠂ ᠡᠳᠦᠭᠡ ᠬᠤᠪᠢ ᠶᠢᠨ ᠠᠷᠠᠯᠵᠢᠶ᠎ᠠ ᠡᠵᠡᠩᠨᠠᠵᠤ᠂ ᠠᠳᠠᠯ ᠠᠮᠢᠳᠤᠷᠠᠯ ᠢᠶᠠᠨ ᠪᠤᠰᠬᠠᠵᠤ ᠶᠠᠪᠤᠬᠤ ᠳᠠᠭᠠᠨ ᠢᠷᠠᠭᠤ ᠨᠠᠶᠢᠷᠠᠭ ᠤᠨ ᠤᠶᠠᠩᠭᠠᠳᠤ ᠠᠶᠠᠰ ᠢᠶᠠᠷ ᠠᠮᠢᠳᠤᠷᠠᠯ ᠢᠶᠠᠨ ᠴᠢᠪᠬᠠᠳᠠᠵᠤ᠂ ᠤᠯᠠᠨ ᠵᠢᠯ ᠰᠢᠯᠦᠭ ᠨᠠᠶᠢᠷᠠᠭᠤᠯᠤᠯ ᠲᠠᠢ ᠤᠷᠢᠶᠠᠯᠳᠤᠵᠤ᠂ ᠤᠯᠠᠨ ᠠᠷᠪᠢᠨ ᠰᠤᠨᠢᠨ ᠰᠡᠳᠬᠦᠯ ᠲᠡᠭᠡᠷ᠎ᠡ ᠤᠷᠠᠨ ᠪᠦᠳᠦᠭᠡᠯ ᠢᠶᠠᠨ ᠨᠠᠶᠢᠳᠠᠯᠠᠭᠦᠯᠵᠦ᠂ ᠦᠨᠦᠳᠦᠷ ᠪᠤᠯᠬᠤ ᠳᠤ ᠦᠪᠡᠷ ᠤᠨ ᠤᠤᠭᠠᠨ ᠨᠤᠮ ︽ᠭᠤᠨᠢᠭ ᠭᠡᠵᠤ ᠭᠤᠶᠤ ᠪᠦᠰᠡᠭᠦᠢ︾ ᠭᠡᠭᠦ ᠨᠤᠮ ᠲᠠᠢ ᠪᠠᠨ ᠰᠡᠷ᠎ᠠ ᠰᠢᠨ᠎ᠠ ᠶᠢᠨ ᠰᠠᠶᠢᠬᠠᠨ ᠮᠡᠨᠳᠦ ᠪᠠᠨ ᠲᠡᠪᠰᠢᠭᠦᠯᠦᠨ᠂ ᠨᠤᠮ ᠤᠨ ᠴᠠᠭᠠᠨ ᠪᠤᠶᠠᠨ ᠢᠶᠠᠨ ᠬᠤᠷᠤᠶᠢᠯᠠᠨ ᠤᠯᠠᠨ ᠲᠠᠶᠠᠭᠠᠷ ᠲᠠᠢ ᠪᠠᠨ ᠵᠤᠯᠭᠠᠪᠠ᠃
     ᠶᠤᠰᠤᠯᠠᠯ ᠲᠡᠭᠡᠷ᠎ᠡ ᠰᠢᠯᠦᠭ ᠤᠨ ᠲᠡᠭᠦᠪᠦᠷᠢ ᠶᠢ ᠨᠠᠶᠢᠷᠠᠭᠤᠯᠤᠨ ᠭᠡᠪᠯᠡᠭᠦᠯᠦᠭᠰᠡᠨ ᠦᠪᠤᠷ ᠮᠤᠩᠭᠤᠯ ᠤᠨ ᠰᠤᠶᠤᠯ ᠤᠨ ᠲᠠᠭᠤᠤ ᠭᠦᠭᠵᠢᠮ ᠲᠦᠷᠰᠦ ᠰᠢᠩᠭᠡᠭᠡᠯᠳᠡ ᠶᠢᠨ ᠭᠡᠪᠯᠡᠯ ᠤᠨ ᠬᠤᠷᠢᠶᠠᠨ ᠤ ᠮᠤᠩᠭᠤᠯ ᠭᠡᠯᠳᠡᠰ ᠤᠨ ᠬᠢᠨ᠂ ᠤᠷᠳᠤᠰ ᠤᠨ ᠡᠳᠦᠷ ᠤᠨ ᠰᠤᠨᠢᠨ ᠤ ᠬᠤᠷᠢᠶᠠᠨ ᠤ ᠮᠤᠩᠭᠤᠯ ᠬᠡᠯᠡᠨ ᠤ ᠨᠠᠶᠢᠷᠠᠭᠤᠯᠬᠤ ᠬᠡᠯᠳᠡᠰ ᠤᠨ ᠬᠢᠨ᠂ ᠲᠤᠰ ᠨᠤᠮ ᠢ ᠪᠠᠷᠠᠯᠠᠨ ᠭᠦᠢᠴᠡᠳᠭᠡᠭᠰᠡᠨ ︽ᠠᠷᠠᠨᠵᠢᠯ︾ ᠺᠤᠮᠫᠠᠨᠢ ᠶᠢᠨ ᠬᠢᠨ ᠠᠴᠠ ᠬᠠᠩᠬᠢᠨ ᠬᠢᠴᠢᠶᠠᠯᠳᠤ ᠳᠤ ᠪᠡᠶᠠᠷ ᠤᠨ ᠴᠠᠬᠢᠯᠭᠠᠨ ᠢᠷᠠᠭᠦᠯᠵᠤ᠂ ᠢᠷᠠᠭᠤ ᠨᠠᠶᠢᠷᠠᠭ ᠤᠨ ᠦᠨᠳᠤᠷ ᠠᠮᠵᠢᠯᠳᠡ ᠭᠦᠰᠡᠪᠡ᠃ ᠵᠤᠬᠢᠶᠠᠬᠴᠢ ᠠᠴᠠ ᠦᠪᠡᠷ ᠤᠨ ᠨᠤᠮ ᠢᠶᠠᠨ ᠦᠤᠰᠢᠨ ᠬᠤᠰᠢᠭᠤᠨ ᠤ ᠨᠤᠮ ᠤᠨ ᠰᠠᠩ᠂ ᠭᠦᠭᠡᠳᠦᠯᠦᠭᠠᠢ ᠭᠠᠴᠠᠭᠠᠨ ᠤ ᠭᠠᠴᠠᠭᠠᠨ ᠵᠦᠪᠯᠡᠯ ᠤᠨ ᠤᠩᠰᠢᠯᠭ᠎ᠠ ᠶᠢᠨ ᠦᠷᠦᠭᠡ᠂ ᠪᠠ᠊ ᠴᠢᠷᠮᠡᠶᠢᠯᠳᠦ ᠶᠢᠨ ᠨᠤᠮ ᠤᠨ ᠦᠷᠦᠭᠡᠨ ᠳᠤ ᠭᠦᠷᠭᠡᠭᠰᠡᠨ ᠪᠠᠶᠢᠢᠨ᠎ᠠ᠃
       ᠬᠢᠴᠢᠶᠡᠯᠲᠤ᠄ ︽ᠪᠢ ᠰᠢᠯᠦᠭ ᠢᠶᠠᠨ ᠭᠤᠤᠯᠳᠠᠭᠤ ᠡᠬᠡ ᠨᠤᠲᠤᠭ ᠤᠨ ᠲᠠᠴᠢᠷᠳᠠᠯ᠂ ᠦᠨᠳᠦᠰᠦᠲᠡᠨ ᠤ ᠠᠮᠢᠳᠤᠷᠠᠯ᠂ ᠠᠬ᠎ᠠ ᠲᠡᠭᠦᠦ ᠲᠦᠷᠦᠯ ᠰᠠᠲᠤᠨ᠂ ᠠᠪᠤ ᠡᠵᠢ ᠶᠢᠨ ᠬᠠᠶᠢᠷ᠎ᠠ ᠶᠢᠨ ᠲᠠᠯ᠎ᠠ ᠠᠴᠠ ᠪᠢᠴᠢᠳᠡᠭ᠂ ᠶᠡᠷᠦ ᠨᠢ ᠬᠦᠮᠦᠨ ᠤ ᠠᠮᠢᠳᠤᠷᠠᠯ ᠨᠢᠭᠡ ᠯᠠ ᠵᠢᠭᠳᠡ ᠪᠠᠷ ᠤᠷᠤᠭᠰᠢᠲᠠᠢ ᠪᠠᠶᠢᠳᠠᠭ ᠦᠭᠡᠢ᠂ ᠲᠡᠬᠡᠬᠦ ᠪᠠᠷ ᠪᠠᠭ᠎ᠠ ᠳᠤ ᠪᠠᠨ ᠠᠷᠪᠢᠨ ᠬᠦᠴᠢᠷᠳᠡᠯ ᠲᠤᠯᠭᠠᠷᠠᠭᠰᠠᠨ᠂  ᠡᠨᠡ ᠭᠤᠨᠢᠭ ᠭᠡᠳᠡᠭ ᠶᠠᠭᠤᠮ᠎ᠠ ᠨᠢᠭᠡ ᠨᠠᠰᠤᠨ ᠬᠦᠮᠦᠨ ᠢ ᠲᠠᠭᠠᠵᠤ ᠶᠠᠪᠤᠬᠤ ᠶᠤᠮ ᠪᠠᠶᠢᠨ᠎ᠠ ᠭᠡᠵᠤ ᠪᠤᠳᠤᠭᠠᠳ ᠰᠡᠬᠦᠯᠡᠷ ᠨᠢ ᠭᠤᠨᠢᠭ ᠭᠡᠳᠡᠭ ᠶᠠᠭᠤᠮ᠎ᠠ ᠤᠯᠠᠨ ᠬᠦᠮᠦᠨ ᠢ ᠠᠯᠠᠭᠠᠳᠠᠵᠤ ᠬᠦᠮᠦᠨ ᠢ ᠰᠠᠶᠢᠨ ᠰᠠᠶᠢᠬᠠᠨ ᠲᠡᠰᠢ ᠶᠠᠪᠤᠭᠤᠯᠳᠠᠭ ᠶᠤᠮ ᠪᠠᠶᠢᠨ᠎ᠠ ᠭᠡᠵᠤ ᠨᠤᠮ ᠢᠶᠠᠨ ︿ᠭᠤᠨᠢᠭ ᠭᠡᠳᠡᠭ ᠭᠤᠶᠤ ᠪᠦᠰᠡᠭᠦᠢ﹀ ᠭᠡᠵᠤ ᠭᠠᠷᠴᠠᠭᠯᠠᠭᠰᠠᠨ︾ ᠭᠡᠵᠤ ᠶᠠᠷᠢᠵᠤ ᠪᠠᠶᠢᠯ᠎ᠠ᠃
     ᠠᠮᠢᠳᠤᠷᠠᠯ ᠤᠨ ᠠᠶᠠᠨ ᠳᠤ ᠢᠷᠠᠭᠤ ᠨᠠᠶᠢᠷᠠᠭ ᠢᠶᠠᠷ ᠢᠶᠠᠨ ᠪᠠᠭ᠋ᠠᠷᠬᠠᠵᠤ ᠶᠠᠪᠤᠳᠠᠭ ᠢᠷᠡᠭᠤ ᠨᠠᠶᠢᠷᠠᠬᠴᠢᠳ ᠲᠤ ᠪᠠᠨ ᠤᠷᠠᠨ ᠪᠦᠳᠦᠭᠡᠯ ᠤᠨ ᠦᠨᠳᠤᠷ ᠠᠮᠵᠢᠯᠳᠡ ᠵᠦᠩᠨᠠᠨ᠂ ᠨᠤᠮ ᠤᠨ ᠴᠠᠭᠠᠨ ᠪᠤᠶᠠᠨ ᠲᠡᠯᠭᠡᠷᠡᠭᠦ ᠪᠤᠯᠳᠤᠭᠠᠢ ᠬᠡᠮᠡᠨ ᠢᠷᠦᠭᠡᠶ᠎ᠠ︕
\
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号