ᠤᠶᠢᠷ᠎ᠠ ᠶᠢᠨ ᠡᠳᠤᠷ ᠤᠯᠠᠭᠠᠨᠳᠤᠯᠤᠭᠠᠢ ᠪᠠᠯᠭᠠᠰᠤᠨ ᠤ ︽ᠴᠠᠭᠠᠨᠳᠠᠯᠠ︾ ᠢᠵᠠᠭᠤᠷ ᠤᠷᠠᠯᠢᠭᠴᠢᠳ ᠤᠨ | ᠨᠡᠶᠢᠭᠡᠮᠯᠢᠭ ᠤᠨ ᠨᠠᠰᠤᠳᠠᠶᠢᠴᠤᠳ ᠤᠨ ᠲᠦᠷᠪᠠᠳᠤᠭᠡᠷ ᠤᠳᠠᠭᠠᠨ ᠤ ᠴᠠᠭᠠᠨ ᠰᠠᠷ᠎ᠠ ᠶᠢᠨ ᠬᠠᠮᠳᠤ ᠶᠢᠨ ᠵᠤᠯᠭᠠᠯᠲᠠ ᠶᠢᠨ | ᠨᠠᠶᠢᠷ ᠪᠠᠶᠠᠨᠰᠢᠯᠢ ᠭᠠᠴᠠᠭᠠᠨ ᠤ ︽ᠪᠢᠯᠢᠭ ᠤᠨ ᠰᠠᠩ︾ ᠨᠤᠮ ᠤᠨ ᠣᠷᠳᠣᠨ ᠳᠤ ᠤᠴᠢᠷᠲᠠᠢ ᠰᠠᠶᠢᠬᠠᠨ ᠶᠠᠪᠤᠭᠳᠠᠪᠠ᠃ | | ᠲᠤᠰ ᠣᠳᠠᠭᠠᠨ ᠤ ᠬᠠᠮᠳᠤ ᠶᠢᠨ ᠵᠤᠯᠭᠠᠯᠲᠠ ᠶᠢᠨ ᠨᠠᠶᠢᠷ ᠢ ︽ᠴᠠᠭᠠᠨᠳᠠᠯᠠ︾ ᠢᠵᠠᠭᠤᠷ ᠤᠷᠠᠯᠢᠭᠴᠢᠳ ᠤᠨ | ᠨᠡᠶᠢᠭᠡᠮᠯᠢᠭ ᠤᠨ ᠭᠡᠰᠢᠭᠦᠨ ᠭᠤᠸ᠎ᠠ ᠠᠴᠠ ᠡᠷᠬᠢᠯᠡᠨ ᠬᠢᠵᠣ ᠨᠡᠶᠢᠭᠡᠮᠯᠢᠭ ᠤᠨ ᠭᠡᠰᠢᠭᠦᠳ ᠠᠴᠠ ᠢᠵᠠᠭᠤᠷ ᠲᠠᠭᠤᠤ | ᠬᠦᠭᠵᠢᠮ ᠢᠶᠠᠷ ᠢᠶᠠᠨ ᠴᠠᠭᠠᠨ ᠰᠠᠷ᠎ᠠ ᠶᠢᠨ ᠪᠠᠶᠠᠷ ᠢᠶᠠᠨ ᠪᠠᠯᠭᠡᠯᠡᠭᠰᠡᠨ ᠤ ᠬᠠᠮᠳᠣ ᠠᠬᠠᠮᠠᠳ ᠤᠷᠠᠯᠢᠭᠴᠢᠨ᠂ ᠰᠢᠯᠢᠳᠡᠭ | ᠤᠷᠠᠯᠢᠭᠴᠢᠨ ᠢᠶᠠᠨ ᠱᠠᠩᠨᠠᠨ ᠬᠦᠬᠢᠭᠦᠯᠵᠣ ᠢᠵᠠᠭᠤᠷ ᠤᠷᠠᠯᠢᠭ ᠢᠶᠠᠨ ᠤᠯᠠᠮ ᠴᠢᠨᠠᠭᠰᠢᠲᠠ ᠬᠦᠭᠵᠢᠬᠦᠯᠬᠦ ᠶᠢ | ᠵᠤᠷᠢᠭᠵᠢᠭᠤᠯᠪᠠ᠃ | ︽ᠴᠠᠭᠠᠨᠳᠠᠯᠠ︾ ᠢᠵᠠᠭᠤᠷ ᠤᠷᠠᠯᠢᠭᠴᠢᠳ ᠤᠨ ᠨᠡᠶᠢᠭᠡᠮᠯᠢᠭ ᠪᠤᠯ ᠤᠯᠠᠭᠠᠨᠳᠤᠯᠤᠭᠠᠢ ᠪᠠᠯᠭᠠᠰᠤᠨ ᠤ | ᠨᠠᠰᠤᠳᠠᠶᠢᠴᠤᠳ ᠢᠶᠠᠷ ᠪᠦᠷᠢᠯᠳᠦᠭᠰᠡᠨ ᠮᠣᠩᠭᠤᠯ ᠦᠨᠳᠣᠰᠣᠳᠡᠨ ᠤ ᠣᠯᠠᠮᠵᠢᠯᠠᠯᠳᠣ ᠬᠦᠭᠵᠢᠮ ᠪᠣᠯᠣᠨ ᠳ᠋ᠠᠴᠢᠩ | ᠬᠦᠭᠵᠢᠮ᠂ ᠡᠯᠧᠺᠲᠷᠤᠨ ᠬᠦᠭᠵᠢᠮ᠂ ᠮᠤᠷᠢᠨ ᠬᠤᠭᠤᠷ ᠵᠡᠷᠭᠡ ᠬᠦᠭᠵᠢᠮ ᠢ ᠤᠶᠠᠯᠳᠤᠭᠤᠯᠤᠨ ᠭᠦᠭᠵᠢᠮᠳᠡᠵᠤ | ᠠᠷᠡᠳ ᠤᠨ ᠲᠠᠭᠤᠤ ᠬᠠᠪᠰᠣᠷᠭᠠᠨ ᠳᠠᠭᠤᠯᠠᠳᠠᠭ ᠠᠷᠡᠳ ᠤᠨ ᠤᠷᠠᠯᠢᠭ ᠤᠨ ᠪᠦᠯᠭᠦᠮ ᠪᠤᠯᠤᠨ᠎ᠠ᠃ | ᠣᠯᠠᠭᠠᠨᠳᠣᠯᠣᠭᠠᠢ ᠪᠠᠯᠭᠠᠰᠣᠨ ᠤ ᠴᠠᠭᠠᠨᠳᠠᠯᠠ ᠨᠡᠶᠢᠭᠡᠮ ᠲᠤᠭᠤᠷᠢᠭ ᠤᠨ ᠨᠠᠮ ᠤᠨ ᠡᠭᠦᠷ ᠤᠨ ᠱᠦᠵᠢ | ᠪᠡᠳᠮ᠎ᠠ᠄ ︽ᠮᠠᠨ ᠤ ᠴᠠᠭᠠᠨᠳᠠᠯᠠ ᠢᠵᠠᠭᠤᠷ ᠤᠷᠠᠯᠢᠭ ᠤᠨ ᠨᠡᠶᠢᠭᠡᠮᠯᠢᠭ ᠠᠩᠬ᠎ᠠ 2014 ᠤᠨ ᠳᠤ | ᠪᠠᠶᠢᠭᠤᠯᠤᠭᠳᠠᠭᠰᠠᠨ ᠤ ᠲᠠᠷᠠᠭ᠎ᠠ ᠤᠤᠯ ᠤᠨ ᠮᠡᠨ ᠤ ᠨᠡᠶᠢᠭᠡᠮ ᠲᠤᠭᠤᠷᠢᠭ ᠤᠨ ᠨᠢᠭᠡ ᠪᠥᠯᠥᠭ ᠨᠠᠰᠤᠳᠠᠶᠢᠴᠤᠳ | ᠠᠳᠡ ᠦᠪᠡᠷ ᠢᠶᠠᠨ ᠬᠦᠳᠡᠯᠭᠡᠭᠡᠨ ᠬᠢᠳᠡᠭ ᠪᠠᠶᠢᠭᠰᠠᠨ ᠠᠴᠠ ᠪᠠᠨ 2017 ᠤᠨ ᠠᠴᠠ ᠡᠬᠢᠯᠡᠨ ᠪᠥᠭᠦ | ᠤᠯᠠᠭᠠᠨᠳᠤᠯᠤᠭᠠᠢ ᠶᠢᠨ ᠬᠡᠪᠴᠢᠶᠡᠨ ᠤ ᠨᠠᠰᠤᠳᠡᠶᠢᠴᠤᠳ᠂ ᠠᠬᠠᠮᠠᠳ ᠤᠷᠠᠯᠢᠭᠴᠢᠳ ᠤᠷᠤᠯᠴᠠᠭᠰᠠᠨ ᠶᠡᠭᠡ ᠡᠩᠨᠡᠭᠡ | ᠪᠤᠯᠤᠨ ᠪᠦᠷᠢᠯᠳᠤᠵᠤ᠂ ᠢᠵᠡᠭᠤᠷ ᠤᠷᠠᠯᠢᠭ ᠢᠶᠠᠨ ᠦᠪᠯᠡᠨ ᠵᠠᠯᠭᠠᠮᠵᠢᠯᠠᠬᠤ ᠪᠠᠷ ᠲᠠᠮᠵᠢᠭᠤᠯᠵᠤ ᠨᠠᠰᠤᠳᠠᠶᠢᠴᠤᠳ | ᠦᠪᠡᠷ ᠤᠨ ᠰᠠᠳᠬᠢᠯ ᠰᠠᠨᠠᠭ᠎ᠠ ᠪᠠᠨ ᠪᠠᠶᠠᠰᠬᠠᠨ ᠪᠡᠶ᠎ᠡ ᠮᠠᠬᠠᠪᠤᠳ ᠢᠶᠠᠨ ᠴᠢᠬᠢᠷᠠᠭᠵᠢᠭᠤᠯᠳᠠᠭ ᠰᠠᠶᠢᠬᠠᠨ ᠪᠦᠯᠬᠦᠮ | ᠪᠤᠯᠤᠭᠰᠠᠨ ᠪᠠᠶᠢᠨ᠎ᠠ︾ ᠭᠡᠪᠡ᠃ | ᠲᠤᠰ ᠣᠳᠠᠭᠠᠨ ᠤ ᠬᠠᠮᠳᠤ ᠶᠢᠨ ᠵᠤᠯᠭᠠᠯᠲᠠ ᠶᠢᠨ ᠨᠠᠶᠢᠷ ᠲᠤ ᠴᠠᠭᠠᠨᠳᠠᠯᠠ ᠢᠵᠠᠭᠤᠷ ᠤᠷᠠᠯᠢᠭᠴᠢᠳ ᠤᠨ | ᠭᠡᠰᠢᠭᠦᠳ ᠠᠴᠠ ᠭᠠᠳᠠᠨ᠎ᠠ ᠪᠠᠰᠠ ᠮᠠᠨ ᠤ ᠬᠤᠰᠢᠭᠤᠨ ᠤ ᠠᠮᠠᠨ ᠰᠢᠯᠥᠭᠴᠢᠳ ᠢ ᠣᠷᠢᠨ ᠣᠷᠣᠯᠴᠠᠭᠤᠯᠵᠣ ᠳᠠᠶᠠᠭᠠᠷ | ᠣᠯᠠᠨ ᠳᠤ ᠢᠵᠡᠭᠤᠷ ᠳᠠᠭᠤᠣ ᠬᠦᠭᠵᠢᠮ ᠪᠣᠯᠣᠨ ᠣᠯᠠᠮᠵᠢᠯᠠᠯᠳᠣ ᠠᠮᠠᠨ ᠰᠢᠯᠣᠭ᠌ ᠤᠨ ᠰᠣᠶᠣᠯ ᠤᠨ ᠷᠡᠳᠢ ᠰᠢᠳᠢ ᠶᠢ | ᠭᠠᠶᠢᠬᠠᠭᠤᠯᠵᠣ ᠰᠢᠨ᠎ᠠ ᠵᠢᠯ ᠴᠠᠭᠠᠨ ᠰᠠᠷ᠎ᠠ ᠪᠠᠨ ᠤᠳᠬ᠎ᠠ ᠳᠡᠭᠦᠯᠳᠡᠷ ᠲᠡᠮᠳᠡᠭᠯᠡᠭᠰᠡᠨ ᠪᠠᠶᠢᠨ᠎ᠠ᠃ |