ᠲᠦᠮᠡᠨ ᠦᠯᠵᠠᠢ ᠪᠦᠷᠢᠳᠴᠤ ᠲᠦᠭᠡᠮᠡᠯ ᠪᠤᠶᠠᠨ ᠬᠤᠷᠠᠭᠰᠠᠨ ᠰᠢᠷᠠᠭᠴᠢᠨ ᠭᠠᠭ᠋ᠠᠢ ᠵᠢᠯ ᠤᠨ ᠴᠠᠭᠠᠨ ᠰᠠᠷ᠎ᠠ | ᠲᠤᠭ ᠪᠠᠯᠭᠠᠰᠤ ᠶᠢᠨ ᠬᠤᠸᠠᠳᠤᠯᠤᠭᠠᠢ ᠭᠠᠴᠠᠭ᠎ᠠ ᠶᠢᠨ ᠬᠦᠪᠤᠩᠮᠤᠳᠤ ᠮᠠᠯᠵᠢᠯ ᠤᠨ ᠬᠤᠷᠰᠢᠶ᠎ᠠ ᠶᠢᠨ ᠰᠠᠷ᠎ᠠ ᠰᠢᠨ᠎ᠠ ᠶᠢᠨ | ᠬᠠᠮᠳᠤ ᠶᠢᠨ ᠵᠤᠯᠭᠠᠯᠳᠠ ᠪᠤᠯᠵᠤᠭ᠎ᠠ ᠶᠤᠰᠤᠭᠠᠷ ᠶᠠᠪᠤᠭᠳᠠᠪᠠ᠃ ᠮᠠᠯᠴᠢᠳ ᠮᠠᠨᠢ ᠬᠠᠪᠢᠷᠭ᠎ᠠ ᠨᠠᠪᠳᠠᠯᠤᠮᠠ ᠬᠠᠪᠤᠷ ᠤᠨ | ᠰᠠᠯᠬᠢ ᠶᠢ ᠦᠯᠤ ᠬᠠᠶᠢᠬᠤᠷᠤᠨ ᠤᠨᠤᠭ᠎ᠠ ᠲᠠᠢ ᠪᠠᠨ᠂ ᠮᠠᠰᠢᠨ ᠲᠠᠢ ᠪᠠᠨ ᠭᠠᠴᠠᠭᠠᠨ ᠳᠠᠭᠠᠨ ᠬᠦᠷᠤᠯᠴᠠᠨ ᠢᠷᠡᠵᠡᠭᠡᠵᠤ | ᠂ ᠰᠠᠮᠪᠠᠢ ᠬᠠᠳᠠᠭ ᠢᠶᠠᠨ ᠲᠡᠯᠭᠡᠨ ᠬᠦᠬᠦᠤᠷ ᠰᠤᠯᠢᠯᠴᠠᠨ ᠠᠮᠤᠷ ᠮᠡᠨᠳᠤ ᠪᠠᠨ ᠠᠰᠠᠭᠤᠯᠴᠠᠵᠤ᠂ ᠲᠠᠨᠢᠭᠦᠭᠡᠨ | ᠨᠤᠳᠤᠭ ᠲᠤ ᠲᠠᠩᠰᠤᠭ ᠪᠠᠶᠠᠷ ᠪᠤᠯᠤᠯ᠎ᠠ᠃ | ᠰᠡᠳᠬᠢᠯ ᠤᠨ ᠰᠠᠶᠢᠬᠠᠨ ᠢᠷᠤᠭᠡᠯ ᠪᠡᠯᠭᠡᠳᠡᠯ ᠢᠶᠠᠨ ᠡᠪᠤᠷᠯᠡᠨ ᠪᠤᠭᠤᠷᠤᠯ ᠨᠠᠰᠤᠳᠠᠳ ᠢᠶᠠᠨ ᠬᠤᠶᠢᠮᠤᠷ ᠵᠠᠯᠠᠵᠤ᠂ | ᠮᠠᠷᠭᠠᠰᠢ ᠶᠢᠨ ᠰᠠᠶᠢᠠᠬᠠ ᠢ ᠵᠦᠡᠭᠨᠡᠨ᠂ ᠡᠪ ᠨᠢᠭᠡᠳᠤᠯ ᠢᠶᠠᠨ ᠡᠷᠬᠢᠮᠯᠡᠵᠤ᠂ ᠢᠨᠢᠶᠠᠳᠤ ᠪᠠᠶᠠᠷ᠂ ᠦᠨᠳᠤᠷ ᠵᠢᠷᠭᠠᠯ᠂ | ᠡᠷᠬᠢᠮᠰᠦᠭ ᠵᠠᠩᠰᠢᠯ ᠢᠶᠠᠷ ᠢᠶᠠᠨ ᠤᠴᠠᠷᠠᠨ ᠵᠤᠯᠭᠠᠨ᠎ᠠ᠃ ᠰᠠᠷ᠎ᠠ ᠰᠢᠨ᠎ᠠ ᠶᠢᠨ ᠬᠠᠮᠳᠤ ᠶᠢᠨ ᠵᠤᠯᠭᠠᠯᠳᠠ ᠳᠤ | ᠬᠦᠪᠤᠩᠮᠤᠳᠤ ᠮᠠᠯᠵᠢᠯ ᠤᠨ ᠬᠤᠷᠰᠢᠶᠠᠨ ᠤ ᠪᠠᠨ 70 ᠨᠠᠰᠤᠨ ᠠᠴᠠ ᠲᠡᠭᠡᠭᠰᠢ ᠦᠨᠳᠤᠷ ᠨᠠᠰᠤᠨ ᠬᠤᠳᠤᠭ ᠢ | ᠵᠤᠭᠤᠭᠯᠠᠵᠤ ᠶᠠᠪᠤᠭ᠎ᠠ 16 ᠪᠤᠶᠠᠨᠳᠠᠢ ᠪᠤᠭᠤᠷᠤᠯ ᠨᠠᠰᠤᠳᠠᠨ ᠳᠠᠭᠠᠨ ᠰᠠᠷ᠎ᠠ ᠰᠢᠨ᠎ᠠ ᠶᠢᠨ ᠰᠡᠳᠬᠢᠯ ᠤᠨ ᠬᠦᠨᠳᠤ | ᠪᠡᠯᠡᠭ ᠢᠶᠠᠨ ᠬᠦᠷᠭᠡᠵᠤ᠂ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠭ᠎ᠠ 3 ᠤᠶᠤᠳᠠᠨ ᠢᠶᠠᠨ ᠵᠤᠷᠢᠭᠵᠢᠭᠤᠯᠵᠤ | ᠤᠶᠤᠳᠠᠨ ᠪᠦᠷᠢ ᠳᠤ 200 ᠲᠦᠭᠦᠷᠢᠭ ᠭᠠᠷᠳᠠᠭᠤᠯᠤᠭᠰᠠᠨ ᠪᠠᠶᠢᠨ᠎ᠠ᠃ ᠮᠦᠨ ᠴᠤ ᠮᠠᠯᠵᠢᠬᠤ ᠠᠮᠢᠳᠤᠷᠠᠯ | ᠲᠤᠮᠳᠠ ᠪᠠᠨ ᠦᠯᠠᠮᠵᠢ ᠠᠷᠭ᠎ᠠ ᠲᠤᠷᠰᠢᠯᠭ᠎ᠠ ᠬᠤᠷᠠᠮᠳᠤᠭᠤᠯᠵᠤ᠂ ᠴᠠᠭᠠᠷᠠᠭᠰᠠᠨ ᠮᠡᠷᠭᠡᠵᠢᠯ ᠢᠶᠠᠷ ᠢᠶᠠᠨ ᠠᠶᠢᠯ | ᠵᠡᠷᠭᠡᠯᠡᠳᠡᠭᠡ ᠠᠶᠢᠮᠠᠭ ᠬᠠᠵᠠᠭᠤ ᠶᠢᠨ ᠮᠠᠯᠴᠢᠳ ᠤᠨ ᠮᠠᠯ ᠤᠨᠤᠭᠠᠨ ᠤ ᠡᠪᠡᠳᠴᠢᠨ ᠡᠮᠭᠡᠭ ᠢ ᠡᠮᠨᠡᠨ ᠵᠠᠰᠠᠵᠤ᠂ | ᠬᠦᠪᠤᠩᠮᠤᠳᠤ ᠮᠠᠯᠵᠢᠯ ᠤᠨ ᠬᠤᠷᠰᠢᠶ᠎ᠠ ᠶᠢᠨ ᠮᠠᠯᠴᠢᠨ ᠲᠦᠮᠡᠨ ᠤ ᠰᠡᠳᠬᠢᠯ ᠳᠠᠬᠢ ︽ᠮᠠᠯ ᠤᠨ ᠰᠠᠶᠢᠨ ᠡᠮᠴᠢ︾ | ᠳᠡᠭᠡᠨ ᠴᠤ ᠪᠠᠶᠠᠷ ᠲᠠᠯᠠᠷᠬᠠᠯ ᠤᠨ ᠰᠡᠳᠬᠢᠯ ᠢᠶᠠᠨ ᠢᠯᠡᠳᠭᠡᠵᠤ 2 ᠭᠡᠪ ᠤᠨ ᠴᠠᠢ᠂ 300 ᠲᠦᠭᠦᠷᠢᠭ ᠭᠠᠷᠳᠠᠭᠤᠯᠵᠠᠢ | ᠃ ᠡᠭᠦᠨ ᠤ ᠲᠠᠭᠠᠤ ᠮᠠᠯᠴᠢᠨ ᠲᠦᠮᠡᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠬᠤ ᠡᠭᠦᠳᠡᠨ ᠠᠴᠠ ᠤᠨᠢᠰᠤᠭ᠎ᠠ | ᠲᠠᠭᠠᠬᠤ᠂ ᠵᠦᠢᠷ ᠰᠡᠴᠡᠨ ᠦᠭᠡ ᠶᠢ ᠪᠦᠷᠢᠨ ᠪᠤᠯᠭᠠᠬᠤ᠂ ᠭᠠᠵᠠᠷ ᠤᠨ ᠨᠠᠷᠠ ᠶᠢᠨ ᠢᠷᠡᠯᠳᠡ ᠶᠢᠨ ᠲᠤᠮᠤᠭ | ᠵᠡᠷᠭᠡ ᠶᠢᠨ ᠮᠡᠳᠡᠯᠭᠡ ᠶᠢᠨ ᠠᠰᠠᠭᠤᠯᠳᠠ ᠬᠠᠷᠢᠭᠤᠯᠳᠠ᠂ ᠨᠠᠭᠠᠳᠤᠮ ᠲᠤᠭᠯᠠᠭᠠᠮ ᠤᠨ ᠠᠵᠢᠯᠯᠠᠭ᠎ᠠ ᠦᠷᠨᠢᠭᠦᠯᠵᠤ᠂ | ᠬᠠᠮᠳᠤ ᠳᠠᠭᠠᠨ ᠰᠠᠷ᠎ᠠ ᠰᠢᠨ᠎ᠠ ᠪᠠᠨ ᠤᠳᠬ᠎ᠠ ᠲᠡᠭᠦᠯᠳᠡᠷ ᠲᠡᠮᠳᠡᠭᠯᠡᠪᠡ᠃ ᠨᠠᠰᠤᠳᠠᠨ ᠪᠤᠭᠤᠷᠤᠯ ᠢᠶᠠᠨ ᠨᠠᠶᠢᠷ ᠤᠨ ᠢᠶᠠᠨ | ᠬᠤᠶᠢᠮᠤᠷ ᠲᠤ ᠰᠠᠭᠠᠳᠠᠭᠤᠯᠵᠤ᠂ ᠬᠠᠳᠠᠭ ᠲᠠᠳᠠᠨ ᠬᠦᠬᠦᠤᠷ ᠰᠤᠯᠢᠯᠴᠠᠨ ᠵᠤᠯᠭᠠᠯᠳᠠ ᠬᠢᠭᠦ ᠨᠢ ᠦᠷ᠎ᠠ | ᠬᠤᠶᠢᠴᠢᠰ ᠲᠠᠭᠠᠨ ᠬᠢᠭᠰᠡᠨ ᠨᠢᠭᠡᠨ ᠬᠢᠴᠢᠶᠠᠯ ᠭᠡᠯᠳᠡᠢ᠃ ᠦᠷ᠎ᠠ ᠠᠴᠢᠨᠠᠷ ᠲᠠᠭᠠᠨ ᠨᠠᠰᠤᠳᠠᠳ ᠢᠶᠠᠨ ᠬᠦᠨᠳᠤᠯᠡᠵᠤ᠂ | ᠨᠢᠯᠬ᠎ᠠ ᠪᠠᠭᠠᠴᠤᠳ ᠢᠶᠠᠨ ᠬᠠᠯᠠᠮᠵᠢᠯᠠᠬᠤ᠂ ᠠᠭᠤᠯᠵᠠᠵᠤ ᠤᠴᠠᠷᠠᠬᠤ ᠳᠠᠭᠠᠨ ᠰᠠᠶᠢᠨ ᠤ ᠮᠡᠨᠳᠤ ᠲᠠᠢ᠂ ᠠᠰᠢᠳᠠ ᠶᠢᠨ | ᠵᠦᠡᠭᠨᠡᠯ ᠲᠠᠢ ᠪᠠᠶᠢᠬᠤ ᠮᠤᠩᠭᠤᠯ ᠤᠨ ᠰᠠᠶᠢᠬᠠᠨ ᠵᠠᠩᠰᠢᠯ ᠢᠶᠠᠨ ᠤᠯᠠᠮᠵᠢᠯᠠᠨ ᠰᠤᠷᠭᠠᠬᠤ ᠶᠢ ᠰᠠᠨᠠᠭᠠᠴᠢᠯᠠᠭᠰᠠᠨ ᠨᠢ | ᠶᠠᠭᠤᠳᠠᠢ ᠪᠠᠶᠠᠷᠯᠠᠭᠤᠰᠢᠳᠠᠢ᠂ ᠶᠠᠭᠤᠳᠠᠢ ᠮᠠᠭᠳᠠᠭᠤᠰᠢᠳᠠᠢ ᠠᠵᠢ︕ | ᠬᠦᠪᠤᠩᠮᠤᠳᠤ ᠮᠠᠯᠵᠢᠯ ᠤᠨ ᠬᠤᠷᠰᠢᠶ᠎ᠠ 78000 ᠭᠠᠷᠤᠢ ᠮᠥ ᠨᠤᠳᠤᠭ ᠪᠡᠯᠴᠢᠭᠡᠷ ᠲᠠᠢ᠂ ᠨᠡᠶᠢᠳᠡ 66 | ᠡᠷᠤᠭᠡ ᠲᠠᠢ᠂ ᠡᠭᠦᠨ ᠳᠤ ᠪᠠᠶᠢᠡᠭᠭᠤ ᠰᠠᠭᠤᠭ᠎ᠠ ᠨᠢ 59 ᠡᠷᠤᠭᠡ 167 ᠬᠦᠮᠤᠨ ᠠᠮᠠ ᠪᠤᠢ᠃ ᠦᠢᠯᠠᠭᠠᠭᠰᠠᠨ ᠢᠶᠠᠷ᠂ | ᠡᠨᠡ ᠵᠢᠯ ᠤᠨ ᠰᠠᠷ ᠠ ᠰᠢᠨ᠎ᠠ ᠶᠢᠨ ᠬᠠᠮᠳᠤ ᠶᠢᠨ ᠵᠤᠯᠭᠠᠯᠳᠠ ᠨᠢ ᠠᠷᠪᠠᠨ ᠭᠤᠷᠪᠠᠳᠠᠬᠢ ᠤᠳᠠᠭ᠎ᠠ ᠪᠠᠨ ᠪᠤᠯᠵᠤ | ᠪᠠᠶᠢᠭ᠎ᠠ ᠶᠤᠮ᠃ ᠶᠢᠰᠤᠳᠡᠬᠢ ᠵᠢᠯ ᠠᠴᠠ ᠪᠠᠨ ᠡᠬᠢᠯᠡᠨ ᠪᠤᠭᠤᠷᠤᠯ ᠨᠠᠰᠤᠳᠠᠳ ᠢᠶᠠᠨ ᠪᠠᠶᠠᠰᠬᠠᠬᠤ ᠰᠡᠳᠬᠢᠯ ᠤᠨ | ᠬᠦᠨᠳᠤ ᠪᠡᠯᠡᠭ ᠬᠦᠷᠭᠡᠵᠤ᠂ ᠲᠤᠯᠤᠳᠡᠬᠢ ᠵᠢᠯ ᠠᠴᠠ ᠪᠠᠨ ᠵᠠᠯᠠᠭᠤᠴᠤᠳ ᠪᠠᠭᠠᠴᠤᠳ ᠢᠶᠠᠨ ᠬᠢᠴᠢᠶᠠᠯ | ᠰᠤᠷᠤᠯᠭ᠎ᠠ ᠳᠠᠭᠠᠨ ᠢᠯᠡᠭᠦᠭᠡᠨ ᠰᠢᠮᠳᠠᠬᠤ ᠶᠢ ᠵᠤᠷᠢᠭᠵᠢᠭᠤᠯᠤᠨ ᠢᠷᠤᠭᠡᠯ ᠵᠦᠡᠭᠨᠠᠯ ᠤᠨ ᠬᠤᠪᠢᠨᠠᠷ ᠭᠠᠷᠳᠠᠭᠤᠯᠵᠤ | ᠡᠬᠢᠯᠡᠭᠰᠡᠨ ᠶᠤᠮ᠃ ᠬᠤᠸᠠᠳᠤᠯᠤᠭᠠᠢ ᠭᠠᠴᠠᠭᠠᠨ ᠤ ᠵᠦᠪᠯᠡᠯ ᠠᠴᠠ ᠴᠤ ᠶᠡᠭᠡ ᠰᠤᠷᠭᠠᠭᠤᠯᠢ ᠳᠤ ᠰᠢᠯᠭᠠᠭᠳᠠᠨ | ᠤᠷᠤᠭᠰᠠᠨ ᠤᠶᠤᠳᠠᠨ ᠪᠤᠯᠭᠠᠨ ᠳᠤ 500 ᠲᠦᠭᠦᠷᠢᠭ ᠦᠭᠴᠤ᠂ ᠰᠢᠮᠳᠠᠨ ᠰᠤᠷᠤᠯᠴᠠᠬᠤ ᠶᠢ ᠨᠢ ᠬᠦᠰᠡᠨ | ᠵᠦᠡᠭᠨᠡᠳᠡᠭ ᠪᠢᠯᠡ᠃ |