ᠪᠤᠭᠤᠷᠤᠯ ᠤᠨ ᠪᠤᠶᠠᠨ ᠲᠤᠨᠳᠠᠷᠠᠰᠢ ᠦᠬᠡᠢ
ᠨᠡᠶᠢᠲᠡᠯᠡᠭᠰᠡᠨ ᠴᠠᠭ᠄
2019-02-26
     ᠡᠯᠢᠬᠡ ᠨᠢᠬᠡᠳᠡᠢ ᠮᠤᠩᠭᠤᠯ ᠲᠦᠮᠡᠨ ᠮᠠᠨᠢ ᠠᠰᠢᠳᠡ ᠶᠢᠨ ᠰᠠᠶᠢᠬᠠᠨ ᠮᠤᠩᠭᠤᠯ ᠶᠤᠰᠦ ᠪᠠᠷ ᠢᠶᠠᠨ ᠠᠶᠢᠯᠴᠢᠨ ᠭᠡᠶᠢᠴᠢᠨ ᠢᠶᠠᠨ ᠵᠤᠴᠢᠯᠠᠵᠦ ᠶᠠᠭᠠᠷᠠᠯᠳᠤᠨ᠎ᠠ᠃ 102 ᠨᠠᠰᠤᠨ ᠤ ᠦᠨᠳᠦᠷ ᠬᠤᠳᠤᠭ ᠢ ᠵᠤᠭᠤᠭᠯᠠᠵᠦ ᠶᠠᠪᠤᠭ᠎ᠠ ᠪᠤᠶᠡᠨ ᠲᠠᠢ ᠪᠤᠭᠤᠷᠤᠯ ᠯᠤᠨᠳᠤᠨ ᠡᠵᠢ ᠶᠢᠨ ᠬᠢᠨ ᠳᠤ ᠰᠢᠨ᠎ᠠ ᠶᠢᠨ ᠲᠦᠷᠪᠡᠨ ᠤ ᠠᠮᠤᠷ ᠢ ᠠᠶᠢᠯᠠᠳᠬᠠᠵᠦ ᠬᠦᠷᠬᠦᠯᠡᠷ ᠯᠤᠨᠲᠤᠨ ᠡᠵᠢ ᠶᠢᠨ ᠲᠦᠷᠪᠡᠨ ᠦᠶ᠎ᠠ ᠶᠢᠨ ᠬᠢᠨ ᠴᠤᠭᠯᠠᠷᠠᠵᠦ ᠬᠦᠷ ᠨᠠᠷᠬᠢᠶᠠᠨ ᠢᠶᠠᠷ ᠪᠢᠯᠬᠠᠷᠠᠵᠦ᠂ ᠨᠠᠷᠠᠳᠦ ᠶᠢᠨ ᠵᠠᠢ ᠳᠤ ᠨᠢᠬᠡᠨ ᠵᠠᠭᠤᠨ ᠢ ᠦᠡᠭᠬᠡᠷᠡᠬᠦᠯᠦᠭᠰᠡᠨ ᠯᠤᠨᠳᠤᠨ ᠡᠵᠢ ᠶᠢᠨ ᠡᠨᠡᠷᠢᠩᠬᠦᠢ ᠬᠠᠷᠠᠴᠠᠨ ᠳᠤ ᠪᠠᠶᠡᠷ ᠤᠨ ᠮᠦᠰᠢᠶᠡᠳᠦ ᠳᠦᠬᠦᠷᠡᠩ᠃      ᠯᠤᠨᠳᠤᠨ ᠡᠵᠢ ᠦᠦᠰᠢᠨᠵᠦᠦ ᠭᠠᠴᠠᠭᠠᠨ ᠤ ᠨᠦᠬᠦᠨᠰᠦ᠋ᠮ᠎ᠠ ᠮᠠᠯᠵᠢᠯ ᠤᠨ ᠬᠤᠷᠰᠢᠶ᠎ᠠ ᠪᠠᠷ ᠨᠤᠲᠤᠭᠳᠡᠢ᠃ ᠦᠷ᠎ᠠ ᠶᠢᠨ ᠵᠠᠶᠠᠭ᠎ᠠ ᠲᠦᠷᠪᠡᠨ ᠬᠡᠦᠬᠡᠨ ᠠᠴᠠ ᠬᠤᠶᠠᠷ ᠨᠢ ᠪᠤᠷᠬᠠᠨ ᠪᠤᠯᠵᠦ ᠬᠤᠶᠠᠷ ᠨᠢ ᠪᠤᠭᠤᠷᠤᠯ ᠡᠵᠢ ᠳᠡᠭᠡᠨ ᠬᠠᠨᠢ ᠪᠤᠯᠤᠨ᠎ᠠ᠃ ᠡᠷᠡᠬᠦᠯ ᠪᠡᠶ᠎ᠠ ᠰᠠᠷᠠᠭᠤᠯ ᠤᠬᠠᠭᠠᠨ ᠲᠠᠢ ᠯᠤᠨᠳᠤᠨ ᠡᠵᠢ ᠲᠤᠰᠠᠭᠠᠷ ᠲᠠᠰᠤᠯᠭᠠᠨ ᠭᠡᠷ ᠲᠤ ᠭᠠᠭᠴᠠᠭᠠᠷ ᠢᠶᠠᠨ ᠰᠠᠭᠤᠳᠠᠭ᠃ ᠲᠡᠩᠬᠡᠬᠡ ᠴᠢᠳᠠᠯ ᠲᠠᠢ ᠦᠶ᠎ᠠ ᠳᠡᠭᠡᠨ ᠠᠵᠢᠯ ᠢᠶᠠᠨ ᠦᠪᠡᠷ ᠢᠶᠠᠨ ᠬᠢᠵᠦ ᠵᠠᠩᠰᠢᠬᠰᠠᠨ ᠠᠴᠠ ᠬᠡᠦᠬᠡᠳ ᠨᠢ ᠴᠦ ᠡᠵᠢ ᠶᠢᠨ ᠢᠶᠠᠨ ᠠᠶ᠎ᠠ ᠶᠢ ᠲᠠᠭᠠᠭᠤᠯᠤᠨ ᠭᠠᠨᠭᠴᠠᠭᠠᠷ ᠰᠠᠭᠤᠯᠭᠠᠭᠰᠠᠨ ᠨᠢ ᠡᠨᠡ ᠠᠵᠢ᠃ ᠬᠡᠳᠦᠨ ᠠᠷᠪᠠᠭᠠᠳ ᠮᠧᠲᠷ ᠤᠨ ᠵᠠᠢ ᠲᠠᠢ ᠰᠠᠭᠤᠷᠢᠰᠢᠵᠦ ᠪᠠᠶᠢᠭ᠎ᠠ ᠵᠢᠬᠡ ᠬᠦᠦ ᠰᠠᠶᠢᠰᠢᠶᠠᠯᠳᠦ ᠨᠢ ᠯᠤᠨᠳᠤᠨ ᠡᠵᠢ ᠶᠢᠨ ᠠᠵᠦ ᠠᠮᠢᠳᠤᠷᠠᠯ ᠢ ᠲᠤᠬᠢᠷᠠᠭᠤᠯᠵᠦ ᠬᠠᠷᠠᠭᠠᠯᠵᠠᠳᠠᠭ᠃      ᠵᠢᠬᠡ ᠪᠡᠷᠢ ᠤ᠊ᠭ᠍ᠶᠤᠮ᠎ᠠ᠄ ︽ᠡᠵᠢ ᠪᠤᠯ ᠦᠷᠦᠪᠴᠢᠬᠡᠨ ᠰᠡᠳᠬᠢᠯ ᠲᠠᠢ᠂ ᠦᠭᠬᠢᠶᠡᠮᠦᠷᠴᠢ ᠵᠠᠩ ᠲᠠᠢ ᠬᠦᠮᠦᠨ ᠶᠤᠮ᠃ ᠨᠢᠳᠤᠨᠤᠨ ᠪᠠᠶᠠᠨᠨᠠᠭᠤᠷ ᠠᠯᠠᠱᠠ ᠪᠠᠷ ᠭᠠᠨᠭ᠌ ᠭᠠᠴᠢᠭ ᠪᠤᠯᠤᠭᠰᠠᠨ ᠮᠠᠯᠴᠢᠳ ᠢ ᠲᠡᠳᠭᠦᠭᠦ ᠪᠠᠷ ᠡᠪᠡᠰᠦ ᠬᠠᠳᠤᠵᠦ ᠡᠪᠡᠰᠦᠨ ᠰᠠᠷᠠᠪᠴᠢᠨ ᠳᠠᠭᠠᠨ ᠤᠪᠤᠭ᠎ᠠ ᠤᠪᠤᠭ᠎ᠠ ᠬᠤᠷᠢᠶᠠᠭᠰᠠᠨ ᠪᠠᠶᠢᠨ᠎ᠠ᠃ ᠬᠠᠷᠠᠮᠰᠠᠯᠳᠡᠢ ᠨᠢ ᠡᠪᠡᠰᠦ ᠲᠡᠭᠡᠭᠡᠪᠦᠷᠢᠯᠡᠡ ᠬᠦᠷᠬᠡᠭᠰᠡᠡ ᠮᠠᠰᠢᠨ ᠳᠤ ᠦᠭᠴᠦ ᠲᠡᠶᠢᠯᠦᠭᠰᠡᠨ ᠦᠬᠡᠢ᠃ ᠬᠡᠪᠡᠴᠦ ᠦᠪᠡᠷ ᠤᠨ ᠬᠠᠷᠮᠠᠨ ᠠᠴᠠ ᠪᠠᠨ 100 ᠲᠦᠭᠦᠷᠢᠭ ᠭᠠᠷᠭᠠᠵᠦ ᠲᠤᠰᠠᠯᠠᠭᠰᠠᠨ ᠶᠤᠮ᠃ ᠡᠵᠢ ᠢᠳᠡᠵᠦ ᠤᠤᠭᠤᠬᠤ ᠪᠠᠨ ᠲᠡᠩᠴᠡᠭᠦᠯᠵᠦ᠂ ᠬᠠᠭᠤᠷᠴᠦ ᠬᠠᠭᠠᠷᠢᠭᠰᠠᠨ ᠵᠦᠢᠯ ᠳᠤ ᠲᠡᠮᠡᠢ ᠲᠤᠷ᠎ᠠ ᠦᠬᠡᠢ ᠪᠦᠭᠡᠳ ᠮᠤᠩᠭᠤᠯ ᠬᠤᠭᠤᠯᠠ ᠤᠮᠳᠡ ᠪᠠᠷ ᠢᠶᠠᠨ ᠭᠤᠤᠯᠯᠠᠳᠠᠭ᠃ ᠲᠡᠷᠡ ᠮᠦᠨ ᠴᠦ ᠶᠡᠭᠡ ᠠᠵᠢᠯᠴᠢ ᠬᠦᠳᠡᠯᠮᠦᠷᠢᠴᠢ ᠬᠦᠮᠦᠨ᠃ ᠬᠤᠭᠤᠯᠠ ᠪᠠᠨ ᠢᠳᠡᠭᠡᠳ ᠪᠠᠷᠠᠪᠠᠯ ᠪᠠᠭᠠᠬᠠᠨ ᠠᠮᠤᠰᠬᠢᠭᠠᠳ ᠭᠡᠷ ᠤᠨ ᠭᠠᠳᠠᠭᠤᠷ ᠲᠤᠳᠤᠭᠤᠷ ᠠᠵᠢᠯ ᠬᠢᠳᠡᠭ᠃ ᠪᠠᠰᠠ ᠶᠡᠭᠡ ᠰᠦᠰᠦᠭ ᠪᠢᠰᠢᠷᠠᠯ ᠲᠠᠢ᠂ ᠲᠠᠩᠳᠡ ᠬᠠᠨᠵᠤᠨ ᠲᠡᠭᠡᠷ᠎ᠠ ᠪᠠᠨ ᠠᠯᠳᠠ ᠮᠦᠷᠬᠦᠯ ᠬᠢᠳᠡᠭ ᠪᠦᠬᠡᠳ ᠬᠦᠮᠦᠨ ᠲᠠᠢ ᠠᠭᠤᠯᠵᠠᠭᠰᠠᠭᠠᠷ ᠭᠠᠷ ᠢ ᠨᠢ ᠠᠳᠬᠤᠵᠦ ᠨᠤᠬᠤᠯᠠᠨ ᠪᠠᠶᠢᠵᠦ ᠶᠠᠷᠢᠯᠴᠠᠳᠠᠭ᠃ ᠠᠮᠤᠷ ᠠᠮᠤᠷ ᠠᠴᠠ ᠰᠡᠳᠬᠢᠯ ᠰᠠᠨᠠᠭᠠᠨ ᠤ ᠠᠮᠤᠷ ᠬᠡᠳᠡᠭᠴᠢᠯᠡᠨ ᠡᠵᠢ ᠬᠡᠵᠢᠶᠡᠳᠡ ᠪᠠᠴᠢᠮᠳᠠᠵᠦ ᠰᠠᠨᠳᠤᠷᠬᠤ ᠦᠬᠡᠢ ᠰᠠᠨᠠᠭ᠎ᠠ ᠰᠡᠳᠬᠢᠯ ᠲᠠᠶᠢᠪᠤᠡᠭ ᠲᠤᠭᠳᠠᠭᠤᠨ ᠪᠠᠶᠢᠳᠠᠭ᠃ ᠡᠶᠢᠮᠦ ᠰᠠᠶᠢᠬᠠᠨ ᠪᠡᠶ᠎ᠠ ᠰᠡᠳᠬᠢᠯ ᠤᠨ ᠲᠡᠩᠬᠡᠬᠡ ᠲᠠᠢ᠂ ᠡᠨᠡ ᠪᠦᠬᠦᠨ ᠨᠢ ᠡᠵᠢ ᠶᠢᠨ ᠪᠡᠶ᠎ᠠ ᠰᠡᠳᠬᠢᠯ ᠳᠤ ᠮᠠᠰᠢ ᠰᠠᠶᠢᠨ ᠦᠢᠯᠡᠳᠦᠯ ᠲᠠᠢ ᠪᠠᠶᠢᠵᠦ ᠤᠷᠳᠤ ᠨᠠᠰᠤᠯᠠᠬᠤ ᠶᠢᠨ ᠨᠢᠭᠤᠴᠠ ᠤᠬᠠᠭᠠᠨ ᠨᠢ ᠪᠠᠶᠢᠵᠦ ᠮᠡᠳᠡᠨ᠎ᠠ︾ ᠬᠡᠵᠦ ᠪᠢᠳᠡᠨ ᠳᠤ ᠤᠴᠢᠷᠯᠠᠨ᠎ᠠ᠃       ︽ᠠᠢ᠂ ᠬᠦᠬᠡᠷᠦᠬᠦᠢ᠂ ᠤᠯᠠᠭᠠᠨ ᠠᠮᠢ ᠲᠠᠰᠤᠷᠠᠬᠤ ᠦᠬᠡᠢ ᠪᠠᠶᠢᠬᠤ ᠨᠢ ᠪᠠᠰᠠ ᠠᠷᠭ᠎ᠠ ᠦᠬᠡᠢ ᠳ᠋ᠠ᠂ ᠬᠦᠮᠦᠨ ᠬᠡᠳᠦ ᠬᠦᠭᠰᠢᠷᠡᠪᠡᠯ ᠪᠡᠶ᠎ᠠ ᠶᠠᠳᠠᠷᠠᠬᠤ ᠨᠢ ᠬᠡᠴᠡᠬᠦᠦ᠃ ᠰᠢᠨ᠎ᠠ ᠬᠠᠭᠤᠴᠢᠨ ᠶᠠᠭᠤᠮ᠎ᠠ ᠶᠢ ᠪᠦᠷ ᠲᠤᠭᠳᠠᠭᠠᠬᠤ ᠦᠬᠡᠢ᠂ ᠵᠦᠭᠡᠷ ᠰᠠᠭᠤᠬᠤ ᠪᠠᠷ ᠪᠠᠰᠠ ᠵᠡᠬᠦᠷᠮᠡᠭᠯᠡᠳ ᠦᠭᠬᠦᠨ᠎ᠠ︾ ᠬᠡᠵᠦ ᠯᠤᠨᠳᠤᠨ ᠡᠵᠢ ᠭᠠᠷ ᠢ ᠮᠢᠨᠢ ᠠᠳᠬᠤᠨ ᠪᠠᠶᠢᠵᠦ ᠶᠠᠷᠢᠨ᠎ᠠ᠃      ᠬᠦᠮᠦᠨ ᠦᠳᠡᠯᠬᠦ ᠨᠢ ᠰᠠᠶᠢᠬᠠᠨ ᠪᠢᠰᠢ ᠴᠦ ᠤᠷᠳᠤ ᠨᠠᠰᠤᠯᠠᠵᠦ᠂ ᠡᠷᠡᠬᠦᠯ ᠪᠡᠶ᠎ᠠ ᠰᠠᠷᠠᠭᠤᠯ ᠤᠬᠠᠭᠠᠨ ᠲᠠᠢ ᠤᠳᠠᠭᠠᠨ ᠵᠢᠷᠭᠠᠬᠤ ᠨᠢ ᠶᠠᠭᠤᠳᠠᠢ ᠪᠤᠶᠡᠨ ᠪᠢᠯᠠ᠃ ︽ᠪᠤᠭᠤᠷᠤᠯ ᠤᠨ ᠪᠤᠶᠠᠨ ᠲᠤᠨᠳᠠᠷᠠᠰᠢ ᠦᠬᠡᠢ᠂ ᠪᠤᠷᠬᠠᠨ ᠤ ᠮᠡᠯᠮᠡᠢ ᠰᠢᠷᠬᠢᠰᠢ ᠦᠬᠡᠢ︾ ᠬᠡᠳᠡᠭᠴᠢᠯᠡᠨ ᠪᠤᠶᠡᠨ ᠲᠠᠢ ᠪᠤᠭᠤᠷᠤᠯ ᠡᠵᠢ ᠶᠢᠨ ᠪᠤᠶᠡᠨ ᠬᠡᠰᠢᠭ ᠨᠢ ᠬᠡᠵᠢᠶᠡᠳᠡ ᠲᠤᠨᠳᠠᠷᠠᠰᠢ ᠦᠬᠡᠢ᠂ ᠦᠷ᠎ᠠ ᠬᠡᠦᠬᠡᠳ ᠲᠡᠭᠡᠨ ᠲᠦᠰᠢᠭ ᠪᠤᠯᠵᠦ ᠦᠨᠳᠦᠷ ᠠᠭᠤᠯᠠ ᠮᠡᠳᠦ ᠰᠦᠨᠳᠡᠷᠯᠡᠨ᠎ᠠ᠃ ᠪᠤᠭᠤᠷᠤᠯᠴᠤᠳ ᠢᠶᠠᠨ ᠭᠤᠮᠤᠳᠠᠭᠠᠯ ᠦᠬᠡᠢ ᠪᠠᠶᠠᠷᠯᠠᠭᠤᠯᠵᠦ ᠶᠠᠪᠤᠵᠠᠭᠠᠶ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号