ᠰᠦᠯᠳᠡ ᠰᠤᠮᠤ ᠦᠬᠡᠷ ᠤᠨ ᠠᠵᠤ ᠦᠢᠯᠡᠰ ᠢᠶᠠᠷ ᠬᠦᠳᠡᠭᠡ ᠨᠤᠳᠤᠭ ᠤᠨ ᠬᠦᠭᠵᠢᠯᠳᠡ ᠶᠢ ᠲᠠᠶᠢᠴᠢᠯᠠᠵᠤ ᠪᠤᠢ
ᠨᠡᠶᠢᠲᠡᠯᠡᠭᠰᠡᠨ ᠴᠠᠭ᠄
2019-02-26
     ᠬᠦᠳᠡᠭᠡ ᠲᠤᠰᠬᠤᠨ ᠢ ᠬᠦᠭᠵᠢᠬᠦᠯᠣᠨ ᠮᠠᠨᠳᠤᠭᠤᠯᠬᠤ ᠳᠤ ᠲᠤᠬᠠᠢ ᠶᠢᠨ ᠭᠠᠵᠠᠷ ᠲᠠᠭᠠᠨ ᠲᠤᠬᠢᠷᠠᠭᠰᠠᠨ ᠠᠮᠢᠳᠤᠯᠢᠭ ᠠᠷᠭ᠎ᠠ ᠶᠢ ᠬᠡᠷᠡᠭᠵᠢᠬᠦᠯᠬᠦ ᠨᠢ ᠴᠢᠬᠤᠯᠠ ᠪᠠᠶᠢᠳᠠᠭ᠃ ᠮᠠᠨ ᠤ ᠬᠤᠰᠢᠭᠤᠨ ᠤ ᠰᠦᠯᠳᠡ ᠰᠤᠮᠤ ᠤᠷᠤᠨ ᠨᠤᠳᠤᠭ ᠤᠨ ᠪᠤᠳᠠᠳᠤ ᠪᠠᠶᠢᠳᠠᠯ ᠢᠶᠠᠨ ᠦᠨᠳᠦᠰᠦᠯᠡᠨ ᠮᠢᠬᠠᠨ ᠦᠭᠡᠷ ᠤᠨ ᠠᠵᠤ ᠦᠢᠯᠡᠰ ᠢᠶᠠᠷ ᠮᠠᠯᠴᠢᠳ ᠤᠨ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠰᠦᠪᠡᠭᠴᠢᠯᠠᠵᠤ ᠪᠤᠢ᠃      ᠰᠦᠯᠳᠡ ᠰᠣᠮᠤᠨ ᠤ ᠪᠣᠷᠣᠬᠦ᠋ᠳᠡᠭᠡ ᠭᠠᠴᠠᠭᠠᠨ ᠤ ᠮᠠᠯᠴᠢᠨ ᠡᠷᠳᠡᠨᠢᠪᠠᠲᠤ ᠣᠣᠯ ᠳᠤ ᠪᠠᠨ ᠲᠠᠪᠢᠨ ᠲᠣᠯᠤᠭᠠᠢ ᠨᠤᠲᠤᠭ ᠤᠨ ᠦᠭᠡᠷ ᠮᠠᠯᠵᠢᠵᠤ ᠪᠠᠶᠢᠵᠠᠢ᠂ ᠡᠨᠡ ᠬᠠᠪᠤᠷ ᠠᠴᠠ ᠲᠡᠷᠡ ᠬᠡᠰᠡᠭ ᠨᠤᠲᠤᠭ ᠤᠨ ᠦᠭᠡᠷ ᠢᠶᠠᠨ ᠪᠣᠷᠤᠯᠠᠭᠤᠯᠤᠭᠠᠳ ᠰᠢᠨ᠎ᠡ ᠽᠧᠯᠠᠨᠳ᠋ ᠤᠨ ᠴᠡᠪᠡᠷ ᠡᠭᠦᠯᠳᠡᠷ ᠤᠨ ᠠᠩᠭᠢᠰ ᠦᠷᠡᠵᠢᠯ ᠤᠨ ᠦᠭᠡᠷ ᠳᠤᠷᠰᠢᠨ ᠮᠠᠯᠵᠢᠬᠤ  ᠪᠠᠷ ᠪᠤᠯᠤᠯ᠎ᠠ᠃ ᠲᠡᠷᠡ᠄ ︽ᠡᠨᠡ ᠦᠬᠡᠷ ᠨᠢ ᠮᠠᠨ ᠤ ᠨᠣᠲᠤᠭ ᠤᠨ ᠦᠭᠡᠷ ᠠᠴᠠ ᠮᠢᠬᠠᠨ ᠭᠠᠷᠤᠯᠲᠠ ᠶᠡᠭᠡ᠂ ᠮᠠᠨ  ᠤ ᠨᠤᠲᠤᠭ ᠤᠨ ᠦᠭᠡᠷ ᠤᠨ ᠲᠤᠭᠤᠯ ᠳᠦᠷᠪᠡ ᠲᠠᠪᠤᠨ ᠮᠢᠩᠭᠠᠨ ᠲᠦᠭᠦᠷᠢᠭ ᠬᠦᠷᠳᠡᠭ ᠪᠣᠯ ᠡᠳᠡᠭᠡᠷ ᠦᠭᠡᠷ ᠤᠨ ᠲᠤᠭᠤᠯ ᠨᠢ ᠪᠣᠯ ᠲᠦᠮᠡᠨ ᠲᠦᠭᠦᠷᠢᠭ ᠬᠦᠷᠳᠡᠭ ᠤᠴᠢᠷ ᠠᠴᠠ ᠮᠠᠨᠤᠰ ᠡᠭᠦᠨ ᠢ ᠲᠤᠷᠰᠢᠨ ᠮᠠᠯᠵᠢᠬᠤ ᠪᠠᠷ ᠠᠪᠴᠠᠢ︾ ᠬᠡᠵᠦ ᠶᠠᠷᠢᠵᠦ ᠪᠠᠶᠢᠯ᠎ᠠ᠃      ᠪᠣᠷᠣᠬᠦ᠋ᠳᠡᠭᠡ ᠭᠠᠴᠠᠭᠠᠨ ᠤ ᠮᠠᠯᠴᠢᠨ ᠰᠡᠴᠡᠨᠰᠣᠸ᠎ᠠ ᠡᠨᠡ ᠤᠳᠠᠭ᠎ᠠ ᠠᠷᠪᠠᠨ ᠲᠣᠯᠤᠭᠠᠢ ᠠᠩᠭᠢᠰ ᠦᠭᠡᠷ ᠠᠪᠤᠯ᠎ᠠ᠃ ᠡᠬᠦᠨ ᠳᠤ ᠬᠤᠰᠢᠭᠤ ᠦᠨᠳᠦᠰᠦᠲᠡᠨ ᠱᠠᠰᠢᠨ ᠰᠤᠷᠲᠠᠬᠤᠨ ᠤ ᠬᠡᠷᠡᠭ ᠡᠷᠬᠢᠯᠡᠬᠦ ᠵᠦᠪᠯᠡᠯ ᠠᠴᠠ ᠲᠠᠪᠤᠨ ᠲᠦᠮᠡᠨ ᠲᠦᠭᠦᠷᠢᠭ ᠨᠦᠬᠦᠪᠦᠷᠢᠯᠡᠵᠦ᠂ ᠬᠠᠪᠰᠤᠷᠤᠨ ᠲᠡᠳᠬᠦᠵᠤ ᠪᠤᠢ ᠠᠵᠤ ᠠᠬᠤᠶᠢᠯᠠᠯ ᠠᠴᠠ ᠭᠤᠷᠪᠠᠨ ᠲᠦᠮᠡᠨ ᠲᠦᠭᠦᠷᠢᠭ ᠢ ᠨᠢᠭᠡ ᠵᠢᠯ ᠤᠨ ᠬᠤᠭᠤᠴᠠᠭ᠎ᠠ ᠲᠠᠢ ᠵᠢᠬᠡᠯᠡᠬᠦᠯᠵᠦ᠂ ᠦᠪᠡᠷ ᠢᠶᠠᠨ ᠠᠷᠪᠠᠨ ᠲᠦᠮᠡ ᠲᠠᠪᠤᠨ ᠮᠢᠩᠭᠠᠨ ᠲᠦᠭᠦᠷᠢᠭ ᠭᠠᠷᠭᠠᠭᠰᠠᠨ ᠪᠠᠶᠢᠨ᠎ᠠ᠃ ᠲᠡᠷᠡ᠄ ︽ᠡᠨᠡ ᠠᠩᠭᠢᠰ ᠦᠭᠡᠷ ᠨᠢ ᠮᠠᠨ ᠤ ᠨᠤᠲᠤᠭ ᠤᠨ ᠦᠭᠡᠷ ᠠᠴᠠ ᠮᠢᠬ᠎ᠠ ᠨᠢ ᠶᠡᠭᠡ᠂ ᠦᠷᠡᠵᠢᠯ ᠨᠢ ᠰᠠᠶᠢᠨ᠂ ᠮᠠᠨᠣᠰ ᠢᠩᠬᠢᠵᠦ ᠠᠰᠢᠭ ᠣᠷᠣᠯᠭ᠎ᠠ ᠪᠠᠨ ᠨᠡᠮᠡᠭᠳᠡᠭᠦᠯᠬᠦ ᠪᠠᠷ ᠵᠣᠷᠢᠭᠵᠢᠵᠤ ᠪᠠᠶᠢᠨ᠎ᠠ︾᠃      ᠰᠦᠯᠳᠡ ᠰᠤᠮᠤ ᠨᠢ ᠮᠠᠯᠵᠢᠬᠤ ᠪᠠᠷ ᠭᠤᠤᠯᠯᠠᠭᠰᠠᠨ ᠰᠤᠮᠤ ᠪᠤᠯᠬᠤᠷ ᠤᠷᠤᠨ ᠨᠤᠳᠤᠭ ᠤᠨ ᠪᠤᠳᠠᠳᠤ ᠪᠠᠶᠢᠳᠠᠯ  ᠲᠠᠢ ᠪᠠᠨ ᠤᠶᠠᠯᠳᠤᠭᠤᠯᠤᠨ ᠮᠢᠬᠠᠨ ᠦᠭᠡᠷ ᠤᠨ ᠠᠵᠤ ᠦᠢᠯᠡᠰ ᠢᠶᠠᠷ ᠮᠠᠯᠴᠢᠳ ᠤᠨ ᠣᠷᠣᠯᠭ᠎ᠠ ᠶᠢ ᠤᠯᠠᠮ ᠨᠢᠭᠡ ᠠᠯᠬᠤᠮ ᠨᠡᠮᠡᠭᠳᠡᠭᠦᠯᠬᠦ ᠠᠷᠭ᠎ᠠ ᠵᠠᠮ ᠢ ᠰᠦᠪᠡᠭᠴᠢᠯᠡᠵᠦ ᠴᠠᠭᠠᠨ ᠰᠠᠷ᠎ᠠ ᠠᠴᠠ ᠡᠮᠦᠨ᠎ᠡ ᠬᠠᠪᠰᠤᠷᠤᠨ ᠳᠡᠳᠬᠦᠬᠦ ᠪᠠᠶᠢᠭᠤᠯᠭ᠎ᠠ᠂ ᠠᠵᠤ ᠠᠬᠤᠶᠢᠯᠠᠯ ᠲᠠᠢ ᠬᠠᠷᠢᠯᠴᠠᠵᠤ ᠡᠯ᠎ᠡ ᠲᠠᠯ᠎ᠠ ᠶᠢᠨ ᠪᠠᠶᠢᠴᠠᠭᠠᠯᠳᠠ᠂ ᠪᠡᠯᠡᠳᠬᠡᠯ ᠢ ᠪᠦᠷᠢᠨ ᠲᠦᠬᠦᠷᠵᠢᠬᠦᠯᠵᠦ ︽ᠨᠠᠮ ᠤᠨ ᠡᠭᠦᠷ᠂ ᠬᠠᠪᠰᠤᠷᠤᠨ ᠳᠡᠳᠬᠦᠬᠦ ᠪᠠᠶᠢᠭᠤᠯᠭ᠎ᠠ᠂ ᠮᠠᠯᠴᠢᠨ ᠡᠷᠦᠬᠡ︾ ᠭᠤᠷᠪᠠᠨ ᠲᠠᠯ᠎ᠠ  ᠠᠴᠠ ᠪᠡᠯᠡ ᠬᠤᠷᠠᠮᠳᠤᠭᠤᠯᠬᠤ ᠬᠡᠯᠪᠡᠷᠢ ᠪᠠᠷ ᠰᠢᠨ᠎ᠡ ᠽᠧᠯᠠᠨᠳ᠋ ᠤᠨ ᠴᠡᠪᠡᠷ ᠡᠭᠦᠯᠳᠡᠷ ᠤᠨ ᠠᠩᠭᠢᠰ ᠦᠷᠡᠵᠢᠯ ᠤᠨ ᠦᠭᠡᠷ ᠮᠠᠯᠵᠢᠬᠤ ᠪᠠᠷ ᠪᠤᠯᠵᠠᠢ᠃ ᠢᠩᠬᠢᠬᠡᠳ 527 ᠲᠦᠮᠡᠨ ᠲᠦᠭᠦᠷᠢᠭ ᠤᠨ ᠪᠡᠯᠡ ᠬᠤᠷᠠᠮᠳᠤᠭᠤᠯᠵᠤ 340 ᠲᠣᠯᠤᠭᠠᠢ ᠰᠢᠨ᠎ᠡ ᠽᠧᠯᠠᠨᠳ᠋ ᠤᠨ ᠴᠡᠪᠡᠷ ᠡᠭᠦᠯᠳᠡᠷ ᠤᠨ ᠠᠩᠭᠢᠰ ᠦᠷᠡᠵᠢᠯ ᠤᠨ ᠦᠭᠡᠷ ᠢ ᠣᠷᠣᠭᠤᠯᠤᠨ ᠠᠪᠴᠢᠷᠠᠵᠤ ᠴᠤᠤᠳᠠᠢ᠂ ᠪᠤᠷᠤᠬᠦ᠋ᠳᠡᠭᠡ ᠵᠡᠷᠬᠡ ᠭᠠᠴᠠᠭᠠᠨ ᠤ ᠮᠠᠯᠴᠢᠳ ᠲᠤ ᠬᠤᠪᠢᠶᠠᠨ ᠦᠭᠪᠡ᠃      ᠣᠶᠢᠯᠠᠭᠠᠭᠰᠠᠨ ᠢᠶᠠᠷ᠂ ᠳᠠᠷᠠᠭᠠᠴᠢ ᠶᠢᠨ ᠠᠯᠬᠤᠮ ᠳᠤ ᠰᠦᠯᠳᠡ ᠰᠤᠮᠤ ᠠᠩᠭᠢᠰ ᠦᠭᠡᠷ ᠤᠨ ᠰᠠᠭᠤᠷᠢ ᠲᠤᠭ᠎ᠠ ᠪᠣᠯᠤᠨ ᠦᠷᠡᠵᠢᠯ ᠤᠨ ᠦᠭᠡᠷ ᠢ ᠣᠯᠠᠳᠬᠠᠵᠤ ᠲᠠᠯ᠎ᠠ ᠨᠤᠲᠤᠭ ᠤᠨ ᠾᠧ ᠨᠢᠦ ᠦᠭᠡᠷ ᠤᠨ ᠺᠣᠮᠫᠠᠨᠢ ᠲᠠᠢ ᠬᠤᠷᠰᠢᠨ ᠠᠵᠤ ᠠᠬᠤᠶᠢᠯᠠᠯ ᠪᠣᠯᠤᠨ ᠮᠠᠯᠴᠢᠳ ᠤᠨ ᠠᠵᠤ ᠦᠢᠯᠡᠰ ᠤᠨ ᠬᠡᠯᠬᠢᠶᠡᠵᠢᠯ ᠢ ᠤᠯᠠᠮ ᠨᠢᠭᠡ ᠠᠯᠬᠤᠮ ᠣᠷᠳᠣᠳᠬᠠᠵᠦ ᠾᠧ ᠨᠢᠦ ᠦᠬᠡᠷ᠂ ᠨᠤᠲᠤᠭ ᠤᠨ ᠦᠭᠡᠷ᠂ ᠠᠩᠭᠢᠰ ᠦᠭᠡᠷ ᠤᠨ ᠬᠤᠭᠤᠷᠤᠨᠳᠤᠬᠢ ᠡᠭᠦᠯᠳᠡᠷ ᠰᠠᠶᠢᠵᠢᠷᠠᠭᠤᠯᠬᠤ ᠠᠵᠢᠯ ᠢ ᠤᠯᠠᠮ ᠨᠢᠭᠡ ᠠᠯᠬᠤᠮ ᠰᠠᠶᠢᠨ ᠬᠢᠬᠦ ᠪᠠᠷ ᠲᠦᠯᠦᠪᠯᠡᠵᠦ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号