ᠰᠢᠨ᠎ᠡ ᠴᠠᠭ ᠦᠶ᠎ᠡ ᠶᠢᠨ ᠪᠣᠯᠪᠠᠰᠤᠨ ᠢ ᠦᠢᠯᠡᠳᠦᠯᠭᠡᠵᠢᠭᠦᠯᠦᠨ ᠡᠮᠡᠭᠲᠡᠶᠢᠴᠦᠳ ᠤᠨ ᠭᠠᠪᠢᠶ᠎ᠠ ᠵᠢᠳᠬᠦᠯ ᠢ | ᠪᠠᠳᠠᠷᠠᠭᠤᠯᠵᠣ ᠮᠠᠯᠵᠢᠬᠤ ᠳ᠋ᠠᠵᠠᠢ ᠶᠢᠨ ᠴᠤᠭ ᠵᠢᠪᠬᠤᠭ᠎ᠠ ᠶᠢ ᠢᠯᠡᠷᠡᠭᠦᠯᠬᠦ ᠦᠤᠰᠢᠨᠵᠤᠤ ᠪᠠᠯᠭᠠᠰᠤᠨ ᠤ ᠤᠯᠤᠰ | ᠪᠠᠶᠢᠭᠤᠯᠤᠭᠳᠠᠭᠰᠠᠨ 70 ᠵᠢᠯ ᠤᠨ ᠣᠢ ᠶᠢ ᠲᠡᠮᠲᠡᠭᠯᠡᠬᠦ ᠰᠢᠷᠢᠰ ᠠᠵᠢᠯᠯᠠᠭ᠎ᠠ ᠣᠶᠢᠷ᠎ᠠ ᠶᠢᠨ ᠡᠳᠦᠷ ᠦᠤᠰᠢᠨᠵᠤᠤ | ᠪᠠᠯᠭᠠᠰᠤᠨ ᠳᠤ ᠶᠠᠪᠤᠭᠳᠠᠪᠠ᠃ ᠳᠣᠰ ᠣᠳᠠᠭᠠᠨ ᠤ ᠰᠢᠷᠢᠰ ᠠᠵᠢᠯᠯᠠᠭᠠᠨ ᠳᠤ ᠦᠤᠰᠢᠨᠵᠤᠤ ᠪᠠᠯᠭᠠᠰᠣ ᠶᠢᠨ ᠺᠡᠳ᠋ᠷ | ᠠᠵᠢᠯᠳᠠᠳ᠂ ᠦᠤᠰᠢᠨᠵᠤᠤ ᠪᠠᠯᠭᠠᠰᠤᠨ ᠳᠤ ᠰᠠᠭᠤᠷᠢᠰᠢᠭ᠎ᠠ ᠠᠵᠤ ᠠᠬᠤᠶᠢᠯᠠᠯ ᠤᠨ ᠠᠵᠢᠯᠴᠢᠳ ᠪᠣᠯᠤᠨ ᠡᠯ᠎ᠡ | ᠭᠠᠴᠠᠭᠠᠨ ᠳᠣᠰᠬᠤᠨ ᠤ ᠡᠮᠡᠭᠳᠡᠶᠢᠴᠣᠳ ᠤᠨ ᠬᠤᠯᠪᠣᠭᠠᠨ ᠤ ᠡᠷᠬᠢᠯᠡᠭᠴᠢ᠂ ᠬᠤᠰᠢᠭᠤ ᠡᠮᠡᠭᠲᠡᠶᠢᠴᠦᠳ ᠤᠨ | ᠬᠤᠯᠪᠤᠭᠠᠨ ᠤ ᠬᠠᠷᠢᠭᠤᠴᠠᠯᠭᠠᠲᠠᠳ ᠠᠵᠢᠯᠯᠠᠭ᠎ᠠ ᠳᠤ ᠣᠷᠣᠯᠴᠠᠪᠠ᠃ | ᠠᠵᠢᠯᠯᠠᠭᠠᠨ ᠳᠡᠭᠡᠷ᠎ᠡ 2018 ᠣᠨ ᠤ ︽3.8︾ ᠤ ᠲᠡᠷᠢᠭᠦᠨ ᠤ ᠬᠠᠮᠲᠤ ᠨᠢᠭᠡᠴᠢ᠂ ︽3.8︾ ᠤ | ᠤᠯᠠᠭᠠᠨ ᠲᠤᠭᠴᠢ᠂ ᠰᠢᠯᠢᠳᠡᠭ ᠡᠮᠡᠭᠲᠡᠢ ᠠᠵᠢᠯᠲᠠᠨ ᠵᠡᠷᠭᠡ 32 ᠲᠡᠷᠢᠭᠦᠨ ᠤ ᠨᠢᠬᠡᠴᠢ ᠪᠠ ᠬᠤᠪᠢ ᠬᠦᠮᠦᠨ ᠢ | ᠱᠠᠩᠨᠠᠨ ᠭᠦᠬᠢᠭᠦᠯᠦᠭᠰᠡᠨ ᠪᠠᠶᠢᠨ᠎ᠠ᠃ | ᠳᠣᠰ ᠤᠳᠠᠭᠠᠨ ᠤ ᠠᠵᠢᠯᠯᠠᠭ᠎ᠠ ᠳᠤ ᠦᠤᠰᠢᠨᠵᠤᠤ ᠪᠠᠯᠭᠠᠰᠣᠨ ᠤ ᠺᠡᠳ᠋ᠷ ᠠᠵᠢᠯᠳᠠᠳ᠂ ᠪᠠᠯᠭᠠᠰᠤᠨ ᠳᠤ | ᠰᠠᠭᠤᠷᠢᠰᠢᠭ᠎ᠠ ᠡᠯ᠎ᠡ ᠠᠵᠤ ᠠᠬᠤᠶᠢᠯᠠᠯ ᠤᠨ ᠡᠮᠡᠭᠲᠡᠢ ᠠᠵᠢᠯᠴᠢᠳ᠂ ᠪᠠᠭ᠎ᠠ ᠰᠤᠷᠭᠠᠭᠤᠯᠢ᠂ ᠬᠡᠣᠬᠡᠳ ᠤᠨ | ᠴᠡᠴᠡᠷᠯᠢᠭ ᠤᠨ ᠪᠠᠭᠰᠢ ᠨᠡᠷ ᠪᠣᠯᠤᠨ ᠬᠡᠦᠬᠡᠳ ᠤᠳ ᠠᠴᠠ ︽ᠪᠦᠰᠡᠭᠦᠢ︾᠂ ︽ᠪᠠᠶᠢᠭᠠᠯ ᠨᠠᠭᠤᠷᠤᠨ ᠬᠦᠪᠡᠭᠡᠨ ᠳᠤ | ︾᠂ ︽ᠭᠡᠷ ᠲᠤ ᠪᠠᠨ ᠬᠠᠷᠢᠶ᠎ᠠ︾᠂ ︽ᠦᠵᠡᠰᠬᠦᠯᠡᠩᠲᠤ ᠰᠠᠶᠢᠬᠠᠨ ᠳᠤᠮᠳᠠᠳᠤ ᠤᠯᠤᠰ︾ ᠵᠡᠷᠭᠡ ᠤᠷᠠᠨ ᠰᠠᠶᠢᠬᠠᠨ | ᠤ ᠳᠣᠭᠯᠠᠯᠲᠠ ᠭᠠᠷᠭᠠᠵᠤ ᠦᠤᠰᠢᠨᠵᠤᠤ ᠪᠠᠯᠭᠠᠰᠤᠨ ᠤ ᠡᠮᠡᠭᠲᠡᠶᠢᠴᠦᠳ ᠤᠨ ᠪᠦᠯᠬᠦᠮᠳᠠᠯ ᠳᠠᠪᠰᠢᠯᠲᠠ ᠲᠠᠢ ᠰᠠᠶᠢᠨ | ᠰᠠᠶᠢᠬᠠᠨ ᠠᠭᠤᠷ ᠠᠮᠢᠰᠬᠤᠯ ᠢ ᠬᠠᠷᠠᠭᠤᠯᠤᠭᠰᠠᠨ ᠪᠠᠶᠢᠨ᠎ᠠ᠃ | |