ᠡᠬᠡᠴᠢ ᠶᠢᠨ ᠬᠠᠶᠢᠷ᠎ᠠ ᠠᠨᠠᠪᠠᠳ ᠲᠡᠯᠡᠢ ᠠᠴᠠ ᠬᠦᠨ ᠶᠤᠮᠰᠠᠨ
ᠨᠡᠶᠢᠲᠡᠯᠡᠭᠰᠡᠨ ᠴᠠᠭ᠄
2019-03-18
     27 ᠵᠢᠯ᠂ 10000 ᠬᠤᠨᠤᠭ ᠬᠡᠭᠴᠢ ᠰᠠᠴᠠᠨ ᠳᠤ ᠠᠪᠴᠤ ᠬᠡᠯᠡᠪᠡᠯ ᠦᠨᠡᠨ ᠠᠮᠠᠷ ᠦᠬᠡᠢ ᠪᠠᠶᠢᠵᠡᠢ᠃ ᠰᠠᠴᠠᠨ ᠢ ᠠᠷᠪᠠᠨ ᠭᠤᠷᠪᠠᠳᠡᠢ ᠵᠢᠯ ᠠᠪᠤ ᠨᠢ ᠡᠪᠡᠳᠴᠢᠨ ᠢᠶᠠᠷ ᠶᠢᠷᠳᠢᠨᠴᠤ ᠶᠢᠨ ᠮᠥᠡᠭᠬᠡ ᠪᠤᠰᠤ ᠶᠢ ᠦᠵᠡᠵᠤ᠂ ᠬᠤᠷᠢᠨ ᠨᠠᠰᠤᠳᠡᠢ ᠲᠡᠷᠡ ᠵᠢᠯ ᠡᠵᠢ ᠨᠢ ᠶᠠᠳᠠᠷᠠᠭ᠎ᠠ ᠬᠡᠳᠦᠷᠡᠭᠰᠡᠨ ᠠᠴᠠ ᠵᠢᠷᠤᠬᠡᠨ ᠤ ᠪᠤᠯᠴᠢᠩ ᠤᠨ ᠡᠪᠡᠳᠴᠢᠨ ᠳᠤ ᠨᠡᠷᠪᠡᠭᠳᠡᠵᠦ ᠮᠥᠨ ᠪᠤᠷᠬᠠᠨ ᠤ ᠤᠷᠤᠨ ᠳᠠᠭᠠᠨ ᠶᠠᠪᠤᠵᠡᠢ᠃ ᠰᠡᠴᠡᠨ ᠠᠷᠪᠠᠨ ᠨᠠᠢᠮᠠᠳᠡᠢ ᠤᠬᠠᠭᠠᠨ ᠵᠡᠮᠳᠡᠭ ᠦᠬᠢᠨ ᠲᠡᠬᠦᠦ ᠪᠠ ᠠᠷᠪᠠᠨ ᠵᠢᠷᠭᠤᠭᠠᠳᠡᠢ ᠦᠬᠢᠨ ᠲᠡᠬᠦᠦ ᠲᠠᠢ ᠪᠠᠨ ᠭᠤᠷᠪᠠᠭᠤᠯᠠ ᠡᠨᠡᠬᠡᠨ ᠬᠤᠷᠸ᠎ᠠ ᠳᠤ ᠦᠨᠦᠴᠢᠷᠡᠯ ᠤᠨ ᠭᠠᠰᠠᠯᠠᠩ ᠳᠤ ᠤᠨᠠᠵᠦ ᠶᠢᠷᠳᠢᠨᠴᠤ ᠶᠢᠨ ᠲᠤᠭᠤᠰᠤ ᠶᠢ ᠡᠯᠡᠬᠡᠵᠦ ᠪᠤᠯᠵᠡᠢ ᠁      ᠵᠤᠪᠠᠯᠠᠩ ᠢ ᠲᠤᠭᠤᠯᠵᠦ ᠭᠠᠷᠬᠤ ᠠᠴᠠ ᠪᠢᠰᠢ᠂ ᠲᠤᠭᠤᠷᠢᠵᠦ ᠭᠠᠷᠳᠠᠭ ᠦᠬᠡᠢ ᠶᠢᠨ ᠬᠤᠶᠢᠨ᠎ᠠ      ᠰᠠᠴᠠᠨ᠂ 1971 ᠤᠨ ᠳᠤ ᠦᠤᠰᠢᠨ ᠬᠤᠰᠢᠭᠤᠨ ᠤ ᠨᠢᠬᠡᠨ ᠮᠠᠯᠴᠢᠨ ᠠᠶᠢᠯ ᠤᠨ ᠦᠷ᠎ᠠ ᠨᠢ ᠪᠤᠯᠤᠨ ᠵᠠᠶᠠᠭᠠᠵᠦ᠂ ᠵᠤᠯᠠᠢ ᠬᠢᠰᠬᠢᠵᠦ ᠲᠦᠷᠦᠭᠰᠡᠨ ᠬᠤᠶᠠᠷ ᠦᠬᠢᠨ ᠲᠡᠬᠦᠦ ᠲᠠᠢ ᠶᠤᠮᠰᠠᠨᠵᠡᠢ᠃ ᠰᠠᠴᠠᠨ ᠠᠴᠠ ᠲᠦᠷᠪᠡᠨ ᠨᠠᠰᠤ ᠪᠠᠭ᠎ᠠ ᠲᠡᠬᠦᠦ ᠤᠯᠠᠭᠠᠨᠬᠡᠷᠡᠯ ᠨᠢ ᠬᠡᠳᠦᠨ ᠰᠠᠷ᠎ᠠ ᠲᠠᠢ ᠪᠠᠶᠢᠬᠤ ᠳᠤ ᠤᠯᠠᠭᠠᠨ ᠨᠤᠳ ᠲᠤᠭᠤᠯᠵᠦ ᠬᠡᠴᠡᠬᠦᠦ ᠬᠠᠯᠠᠭᠤᠷᠠᠭᠠᠳ ᠴᠠᠭᠠᠰᠢᠳᠠ ᠪᠠᠨ ᠤᠬᠠᠭᠠᠨ ᠵᠡᠮᠳᠡᠭ ᠪᠤᠯᠵᠦ᠂ ᠨᠢᠬᠡᠳᠦᠬᠡᠷ ᠲᠡᠰ ᠤᠨ ᠵᠡᠮᠳᠡᠭ ᠢᠶᠠᠷ ᠲᠤᠳᠤᠯᠠᠬᠳᠠᠨ ᠠᠮᠢᠳᠤᠷᠠᠯ ᠢᠶᠠᠨ ᠡᠰᠡ ᠠᠷᠭᠠᠴᠠᠵᠦ ᠴᠢᠳᠠᠪᠠ᠃ ᠲᠡᠬᠦᠦ ᠤᠳᠬᠤᠨᠰᠤᠳᠤ ᠨᠢ 1977 ᠤᠨ ᠳᠤ ᠮᠠᠨᠳᠤᠯᠡᠵᠡᠢ᠃ 1991 ᠤᠨ ᠳᠤ ᠠᠮᠢᠳᠤᠷᠠᠯ ᠠᠬᠤᠢ ᠠᠷᠠᠢ ᠬᠡᠵᠦ ᠲᠡᠩᠬᠡᠷᠡᠵᠦ ᠢᠷᠡᠬᠦ ᠳᠤ ᠡᠵᠢ ᠨᠢ ᠪᠤᠷᠬᠠᠨ ᠪᠤᠯᠵᠦ᠂ ᠬᠤᠷᠢ ᠬᠦᠷᠦᠭᠰᠡᠨ ᠰᠠᠴᠠᠨ ᠤ ᠪᠡᠶ᠎ᠠ ᠡᠨᠡ ᠬᠡᠷ ᠢ ᠲᠤᠯᠭᠠᠭᠤᠷᠢᠯᠠᠵᠦ ᠰᠠᠭᠤᠪᠠ᠃ ᠬᠦᠳᠡᠯᠮᠤᠷᠢ ᠠᠮᠢᠳᠤᠷᠠᠯ ᠤᠨ ᠡᠷᠬᠡᠨ ᠳᠤ ᠰᠠᠴᠠᠨ ᠠᠷᠭ᠎ᠠ ᠪᠤᠰᠤ ᠠᠩᠬ᠎ᠠ ᠲᠤᠮᠳᠠᠳᠤ ᠶᠢᠨ ᠨᠢᠬᠡᠳᠦᠬᠡᠷ ᠤᠨ ᠳᠤ ᠰᠤᠷᠤᠯᠴᠠᠵᠦ ᠪᠠᠶᠢᠬᠰᠠᠨ ᠦᠬᠢᠨ ᠲᠡᠬᠦᠦ ᠤᠳᠬᠤᠨᠰᠤᠳᠤ ᠪᠠᠨ ᠬᠢᠴᠢᠶᠠᠯ ᠰᠤᠷᠤᠯᠭ᠎ᠠ ᠠᠴᠠ ᠨᠢ ᠲᠤᠷᠭᠤᠨ ᠵᠤᠬᠰᠤᠭᠠᠯᠭᠠᠵᠦ᠂ ᠡᠬᠡᠴᠢ ᠲᠡᠬᠦᠦ ᠭᠤᠷᠪᠠᠭᠤᠯᠠ ᠪᠠᠨ ᠬᠠᠮ ᠲᠡᠮ ᠪᠤᠯᠵᠦ ᠠᠮᠢ ᠵᠠᠯᠭᠠᠵᠦ ᠬᠤᠷᠸ᠎ᠠ ᠶᠢᠨ ᠵᠠᠮ ᠢ ᠡᠯᠡᠬᠡᠯ᠎ᠠ᠃      40 ᠭᠠᠵᠠᠷ ᠤᠨ ᠬᠤᠯᠠᠬᠢ ᠡᠮᠴᠢᠯᠡᠬᠡᠨ ᠤ ᠵᠠᠮ ᠲᠡᠭᠡᠷ᠎ᠠ      1992 ᠤᠨ ᠳᠤ᠂ ᠰᠠᠴᠠᠨ ᠪᠠᠶᠠᠨᠮᠦ᠋ᠡᠭᠬᠡ ᠲᠠᠢ ᠲᠤᠭᠤᠨᠤ ᠲᠠᠢ ᠬᠡᠷ ᠲᠤ ᠬᠤᠰᠢᠭᠤ ᠬᠤᠯᠪᠤᠨ ᠬᠤᠷᠢᠮᠯᠠᠵᠦ᠂ ᠤᠯᠠᠭᠠᠬᠡᠷᠡᠯ ᠲᠡᠬᠦᠦ ᠪᠠᠨ ᠬᠠᠷᠠᠭᠠᠯᠵᠠᠵᠦ ᠠᠮᠢᠳᠤᠷᠠᠵᠡᠢ᠃ ᠤᠯᠠᠭᠠᠨᠬᠡᠷᠡᠯ ᠬᠦᠮᠥᠨ ᠤ ᠭᠠᠷ ᠠᠴᠠ ᠰᠠᠯᠵᠦ ᠴᠢᠳᠠᠬᠤ ᠦᠬᠡᠢ ᠮᠦᠷᠳᠡᠬᠡᠨ ᠲᠠᠩᠳᠠ ᠡᠪᠡᠳᠴᠢᠨ ᠨᠢ ᠬᠦᠳᠡᠯᠵᠦ᠂ ᠨᠠᠰᠤ ᠨᠡᠮᠡᠭᠳᠡᠬᠦ ᠲᠤᠰᠤᠮ ᠡᠪᠡᠳᠴᠢᠨ ᠤ ᠢᠯᠡᠷᠡᠯ ᠨᠢ ᠬᠦᠨᠳᠦᠷᠡᠵᠦ ᠡᠮᠨᠡᠯᠬᠡ ᠳᠤ ᠰᠠᠭᠤᠬᠤ ᠪᠤᠶᠤ ᠬᠦᠨᠳᠤ ᠦᠶᠡᠰ ᠪᠠᠴᠢᠮ ᠠᠪᠤᠷᠠᠯᠳᠠ ᠴᠤ ᠬᠢᠳᠡᠭ ᠪᠠᠶᠢᠯ᠎ᠠ᠃ ᠬᠦᠯ ᠵᠠᠯᠭᠠᠬᠤ ᠮᠤᠲ᠋ᠤᠷ ᠲᠡᠷᠬᠡ ᠪᠠᠶᠢᠬᠤ ᠦᠬᠡᠢ ᠪᠤᠯᠬᠤᠷ ᠤᠳᠠᠭ᠎ᠠ ᠪᠦᠷᠢ ᠦᠬᠢᠨ ᠲᠡᠬᠦᠦ ᠪᠠᠨ ᠡᠬᠦᠷᠦᠨ ᠬᠦᠶᠦᠳᠡᠭ᠃ 40 ᠭᠠᠵᠠᠷ ᠤᠨ ᠬᠤᠯᠠᠬᠢ ᠡᠮᠨᠡᠯᠬᠡ ᠶᠢᠨ ᠬᠤᠷᠢᠶ᠎ᠠ ᠶᠢ ᠨᠢᠯᠪᠤᠰᠤ ᠲᠠᠢ᠂ ᠬᠦᠯᠦᠰᠤ ᠲᠠᠢ ᠴᠢᠭᠯᠡᠬᠦ ᠵᠠᠭᠤᠷ᠎ᠠ ᠦᠬᠢᠨ ᠲᠡᠬᠦᠦ ᠪᠠᠨ ᠪᠤᠷᠬᠠᠨ ᠤ ᠤᠷᠤᠨ ᠠᠴᠠ ᠬᠡᠳᠦᠨᠳᠡ ᠪᠤᠯᠢᠶᠠᠵᠦ ᠠᠪᠴᠢᠷᠠᠵᠦ ᠴᠢᠳᠠᠵᠡᠢ᠃ ᠤᠯᠠᠭᠠᠨᠬᠡᠷᠡᠯ ᠪᠠᠷᠤᠭ ᠵᠢᠯ ᠪᠦᠷᠢ ᠡᠮᠨᠡᠯᠬᠡ ᠳᠤ ᠨᠢᠬᠡ ᠬᠤᠶᠠᠷ ᠤᠳᠠᠭ᠎ᠠ ᠰᠠᠭᠤᠬᠤ ᠪᠤᠯᠵᠦ᠂ ᠭᠤᠷᠪᠠᠨ ᠵᠢᠯ ᠳᠤ ᠨᠢᠬᠡ ᠤᠳᠠᠭᠠᠨ ᠤ ᠪᠠᠴᠢᠮ ᠴᠢᠨᠠᠷᠳᠡᠢ ᠠᠪᠤᠷᠠᠯᠳᠠ ᠬᠢᠬᠡᠳ ᠵᠢᠯ ᠤᠨ ᠡᠮᠨᠡᠯᠬᠡ ᠶᠢᠨ ᠵᠠᠷᠤᠳᠠᠯ ᠨᠢ ᠬᠤᠶᠠᠷ ᠲᠦᠮᠡ ᠭᠠᠷᠤᠢ ᠶᠢ ᠲᠡᠪᠡᠵᠦ ᠪᠠᠶᠢᠵᠡᠢ᠃ ᠤᠯᠠᠭᠠᠨᠬᠡᠷᠡᠯ ᠤᠨ ᠪᠡᠶ᠎ᠠ ᠬᠠᠳᠠ ᠬᠦᠳᠡᠯᠬᠡᠬᠡᠨ ᠲᠤᠳᠠᠬᠳᠠᠬᠰᠠᠨ ᠠᠴᠠ ᠪᠤᠯᠵᠦ ᠪᠦᠬᠦ ᠪᠡᠶ᠎ᠠ ᠶᠢᠨ ᠡᠷᠬᠡᠳᠡᠨ ᠮᠠᠭᠤᠳᠠᠬᠰᠠᠭᠠᠷ ᠪᠠᠶᠢᠯ᠎ᠠ᠃ ᠰᠠᠴᠠᠨ ᠤᠯᠠᠭᠠᠨᠬᠡᠷᠡᠯ ᠮᠤᠩᠭᠤᠯ ᠡᠮᠴᠢ ᠠᠴᠠ ᠢᠯᠢᠵᠦ ᠨᠤᠬᠤᠯᠠᠬᠤ ᠮᠡᠷᠬᠡᠵᠢᠯ ᠰᠤᠷᠤᠭᠠᠳ ᠡᠳᠦᠷ ᠪᠦᠷᠢ ᠬᠤᠶᠠᠷ ᠤᠳᠠᠭ᠎ᠠ ᠢᠯᠢᠯᠬᠡ ᠬᠢᠵᠦ᠂ ᠪᠤᠯᠴᠢᠩ ᠤᠨ ᠮᠢᠬᠠᠨ ᠤ ᠠᠪᠴᠢᠯᠳᠠ ᠶᠢ ᠨᠢ ᠰᠡᠷᠬᠡᠶᠢᠯᠡᠵᠦ ᠪᠠᠶᠢᠪᠠ᠃ ᠨᠠᠩ ᠰᠠᠶᠢᠨ ᠡᠮᠴᠢᠯᠡᠬᠡᠨ ᠤ ᠠᠷᠭ᠎ᠠ ᠶᠢ ᠡᠷᠢᠯᠬᠢᠯᠡᠬᠦ ᠪᠠᠷ ᠰᠠᠴᠡᠨ ᠲᠡᠬᠦᠦ ᠪᠠᠨ ᠬᠦᠬᠡᠨᠠᠭᠤᠷ᠂ ᠭᠠᠨᠰᠤ ᠵᠡᠷᠬᠡ ᠭᠠᠵᠠᠷ ᠢᠶᠠᠷ ᠴᠤ ᠠᠪᠴᠤ ᠬᠦᠷᠤᠨ ᠡᠮᠴᠢ ᠵᠠᠯᠠᠵᠦ ᠦᠵᠡᠬᠦᠯᠦᠭᠰᠡᠨ ᠪᠢᠯᠡ᠃ 2005 ᠤᠨ ᠤ ᠬᠠᠪᠤᠷ ᠬᠠᠷ᠎ᠠ ᠲᠠᠷᠤᠬᠰᠠᠨ ᠨᠢᠬᠡᠨ ᠡᠳᠦᠷ᠂ ᠤᠯᠠᠭᠠᠨᠬᠡᠷᠡᠯ ᠤᠨ ᠡᠪᠡᠳᠴᠢᠨ ᠬᠦᠨᠳᠤ ᠪᠠᠷ ᠤᠷᠪᠠᠵᠦ᠂ ᠡᠮᠴᠢ ᠠᠴᠠ ᠪᠦᠷ ᠦᠬᠦᠯ ᠵᠡᠷᠯᠠᠬᠰᠠᠠ ᠪᠠᠶᠢᠬᠤ ᠳᠤ ᠴᠤ ᠰᠠᠴᠠᠨ ᠬᠠᠷᠢᠨ ᠡᠷᠡᠮᠡᠯᠵᠡᠯ ᠡᠪᠦᠷᠯᠡᠵᠦ ᠡᠮ ᠪᠤᠭᠤᠭᠠᠳ ᠬᠡᠷ ᠲᠡᠭᠡᠨ ᠠᠪᠠᠴᠢᠵᠦ ᠠᠰᠠᠷᠠᠵᠡᠢ᠃ ᠬᠤᠶᠠᠷ ᠰᠠᠷ᠎ᠠ ᠶᠢᠨ ᠲᠤᠷᠰᠢ᠂ ᠤᠯᠭᠠᠨᠬᠡᠷᠡᠯ ᠬᠤᠭᠤᠯᠡᠡ ᠠᠴᠠ ᠭᠠᠷᠬᠤ ᠳᠤ ᠡᠳᠦᠷ ᠪᠦᠷᠢ ᠰᠢᠩᠬᠡᠨ ᠡᠮ ᠶᠡᠬᠦᠯᠡᠬᠦ ᠭᠤᠤᠷᠰᠤ ᠪᠠᠷ ᠦᠨᠢᠶᠡᠨ ᠰᠦ ᠤᠤᠭᠤᠯᠭᠠᠵᠦ ᠲᠡᠩᠬᠡᠷᠡᠬᠦᠯᠵᠡᠢ᠃ ᠦᠬᠢᠨ ᠲᠡᠬᠦᠦ ᠪᠠᠨ ᠨᠢᠯᠬ᠎ᠠ ᠬᠡᠤᠬᠡᠳ ᠠᠳᠠᠯᠢ ᠠᠰᠠᠷᠠᠵᠦ᠂ ᠪᠡᠶ᠎ᠠ ᠶᠢ ᠨᠢ ᠠᠷᠴᠢᠵᠦ ᠵᠦᠯᠬᠦᠬᠦ ᠠᠴᠠ ᠭᠠᠳᠠᠨ᠎ᠠ ᠰᠦᠨᠢ ᠪᠤᠰᠴᠤ ᠰᠦ ᠤᠤᠭᠤᠯᠭᠠᠵᠦ ᠭᠠᠳᠠᠭᠠᠯᠠᠭᠤᠯᠳᠠᠭ᠃ ᠡᠬᠡᠴᠢ ᠶᠢᠨ ᠢᠶᠠᠨ ᠨᠢᠮᠪᠡᠢ ᠲᠤᠳᠤᠮᠳᠤᠯᠭ᠎ᠠ ᠪᠠᠷ᠂ ᠬᠡᠪᠳᠡᠷᠢ ᠳᠤ ᠤᠷᠤᠬᠰᠠᠨ ᠤᠯᠠᠭᠠᠨᠬᠡᠷᠡᠯ ᠲᠠᠬᠢᠨᠳᠠ ᠠᠶᠤᠯ ᠠᠴᠠ ᠮᠤᠯᠳᠤᠷᠠᠵᠦ ᠴᠢᠳᠠᠯ᠎ᠠ᠃      ᠡᠬᠡᠴᠢ ᠶᠢᠨ ᠬᠠᠶᠢᠷ᠎ᠠ ᠠᠨᠠᠪᠠᠳ ᠲᠠᠯᠡᠢ ᠠᠴᠠ ᠬᠦᠨ      ᠡᠪᠡᠳᠴᠢᠨ ᠲᠠᠢ ᠲᠡᠬᠦᠦ ᠪᠠᠨ ᠨᠠᠩ ᠰᠠᠶᠢᠬᠠᠨ ᠠᠰᠠᠷᠠᠬᠤ ᠪᠠᠷ᠂ ᠰᠠᠴᠠᠨ ᠮᠠᠯ ᠬᠤᠢ ᠪᠠᠨ ᠬᠤᠳᠠᠯᠳᠤᠵᠦ᠂ 2006 ᠤᠨ ᠳᠤ ᠦᠤᠰᠢᠨ ᠬᠤᠰᠢᠭᠤᠨ ᠤ ᠭᠠᠯᠠᠭᠤᠳᠤ ᠪᠠᠯᠭᠠᠰᠤᠨ ᠳᠤ ᠬᠡᠷ ᠲᠦᠷᠢᠶᠠᠰᠦᠯᠡᠨ ᠰᠠᠭᠤᠪᠠ᠃ ᠤᠯᠠᠭᠠᠬᠡᠷᠡᠯ ᠰᠤᠯᠠ ᠠᠵᠢᠯ ᠬᠢᠬᠦ ᠶᠢᠨ ᠲᠠᠭᠠᠤ ᠦᠬᠢᠨ ᠲᠡᠬᠦᠦ ᠶᠢᠨ ᠬᠢᠨᠢ ᠨᠦᠬᠦᠪᠦᠷᠢ ᠮᠥᠡᠭᠬᠦ ᠪᠠᠷ ᠠᠮᠢ ᠵᠢᠭᠤᠵᠦ ᠪᠠᠶᠢᠯ᠎ᠠ᠃ ᠨᠦᠬᠦᠷ ᠪᠠᠶᠠᠨᠮᠦ᠋ᠡᠭᠬᠡ ᠨᠢ ᠭᠠᠳᠠᠬᠰᠢ ᠭᠠᠷᠴᠤ ᠠᠵᠢᠯ ᠬᠢᠪᠡᠯ ᠤᠯᠠᠭᠠᠨᠬᠡᠷᠡᠯ ᠦᠬᠢᠨ ᠲᠡᠬᠦᠦ ᠪᠠᠨ ᠬᠠᠷᠠᠭᠠᠯᠵᠠᠵᠦ᠂ ᠨᠦᠬᠦᠷ ᠨᠢ ᠠᠵᠢᠯ ᠠᠴᠠ ᠪᠠᠨ ᠠᠮᠠᠷᠠᠪᠠᠯ ᠲᠡᠷᠡ ᠬᠤᠭᠤᠯᠠᠨ ᠬᠡᠷ ᠲᠤ ᠤᠴᠢᠵᠦ ᠠᠵᠢᠯᠯᠠᠳᠠᠭ ᠪᠠᠶᠢᠪᠠ ᠃ 27 ᠵᠢᠯ ᠤᠨ ᠲᠤᠷᠰᠢ ᠤᠯᠠᠭᠠᠨᠬᠡᠷᠡᠯ ᠦᠬᠢᠨ ᠲᠡᠬᠦᠦ ᠪᠠᠨ ᠨᠢᠯᠬ᠎ᠠ ᠬᠡᠤᠬᠡᠳ ᠰᠢᠭ ᠢᠶᠠᠨ ᠭᠠᠷ ᠠᠴᠠ ᠪᠠᠨ ᠰᠠᠯᠭᠠᠯ ᠦᠬᠡᠢ᠂ ᠪᠤᠵᠠᠷ ᠪᠤᠷᠳᠠᠭ ᠠᠴᠠ ᠵᠢᠭᠰᠢᠯ ᠦᠬᠡᠢ᠂ ᠦᠴᠦᠬᠡᠨ ᠴᠤ ᠭᠤᠮᠤᠳᠠᠯ ᠲᠤᠭᠠᠴᠢᠯ ᠦᠬᠡᠢ ᠪᠠᠷ ᠲᠡᠭᠡᠭᠰᠢ ᠲᠠᠳᠠᠬᠰᠠᠭᠠᠷ ᠢᠷᠡᠪᠡ᠃      ᠰᠠᠴᠠᠨ᠄ ︽ᠡᠵᠢ ᠠᠪᠤ ᠮᠢᠨᠢ ᠪᠤᠷᠬᠠᠨ ᠪᠤᠯᠬᠤ ᠳᠠᠭᠠᠨ ᠨᠠᠳᠠ ᠳᠤ ᠡᠶᠢᠮᠤ ᠲᠤᠮᠤ ᠲᠠᠭᠠᠭᠠᠯᠭᠠᠪᠤᠷᠢ ᠦᠯᠡᠳᠡᠬᠡᠭᠰᠡᠨ᠂ ᠪᠢ ᠠᠵᠠ ᠮᠠᠭᠤᠳᠡᠢ ᠬᠤᠪᠢ ᠵᠠᠶᠠᠭᠠᠨ ᠳᠠᠭᠠᠨ ᠦᠴᠦᠬᠡᠨ ᠴᠤ ᠭᠤᠮᠤᠳᠠᠯ ᠦᠬᠡᠢ ᠡᠨᠡ ᠡᠷᠦᠬᠡ ᠬᠡᠷ ᠢ ᠪᠦᠳᠦᠨ ᠠᠪᠴᠤ ᠶᠠᠪᠤᠬᠤ ᠪᠠᠷ ᠵᠢᠳᠬᠦᠭᠰᠡᠨ︾ ᠬᠡᠵᠦ ᠶᠠᠷᠢᠨ᠎ᠠ᠃ ︽ᠪᠢᠳᠠ ᠬᠤᠶᠠᠷ ᠤᠯᠠᠭᠠᠨᠬᠡᠷᠡᠯ ᠲᠡᠬᠦᠦ ᠪᠠᠨ ᠠᠯᠢ ᠴᠢᠳᠠᠬᠤ ᠪᠠᠷ ᠰᠠᠶᠢᠨ ᠬᠠᠷᠠᠭᠠᠯᠵᠠᠬᠤ ᠪᠠᠷ ᠴᠢᠷᠮᠠᠶᠢᠳᠠᠭ᠃ ᠵᠤᠪᠠᠯᠠᠩ ᠢ ᠲᠤᠭᠤᠯᠵᠦ ᠭᠠᠷᠬᠤ ᠠᠴᠠ ᠪᠢᠰᠢ᠂ ᠲᠤᠭᠤᠷᠢᠵᠦ ᠭᠠᠷᠳᠠᠭ ᠦᠬᠡᠢ ᠶᠢᠨ ᠬᠤᠶᠢᠨ᠎ᠠ ᠪᠢ ᠴᠤ ᠡᠨᠡ ᠠᠶᠢᠯ ᠤᠨ ᠲᠦᠯᠦᠬᠡ ᠵᠢᠳᠬᠦᠭᠰᠡᠬᠡᠷ ᠯᠠ ᠪᠠᠶᠢᠨ᠎ᠠ︾ ᠬᠡᠵᠦ ᠪᠠᠶᠠᠨᠮᠦ᠋ᠡᠭᠬᠡ ᠬᠡᠯᠡᠨ᠎ᠠ᠃      27 ᠵᠢᠯ ᠤᠨ ᠢᠳᠡᠬᠡᠯ ᠨᠠᠶᠢᠳᠠᠯᠭ᠎ᠠ᠂ ᠠᠰᠠᠷᠠᠯ ᠲᠤᠳᠤᠮᠳᠠᠯᠭ᠎ᠠ᠃ ᠠᠪᠤ ᠡᠵᠢ ᠠᠴᠠ ᠠᠳᠠᠯᠢ ᠲᠡᠭᠰᠢ ᠵᠠᠶᠠᠭᠠᠬᠰᠠᠨ ᠬᠤᠶᠢᠨ᠎ᠠ᠂ ᠰᠠᠴᠠᠨ ᠠᠭᠤᠤ ᠶᠡᠭᠡ ᠬᠠᠶᠢᠷ᠎ᠠ ᠪᠠᠷ ᠤᠬᠠᠭᠠᠨ ᠵᠡᠮᠳᠡᠭ ᠦᠬᠢᠨ ᠲᠡᠬᠦᠦ ᠪᠠᠨ ᠲᠡᠳᠬᠦᠵᠦ ᠶᠠᠪᠤᠬᠤ ᠠᠴᠠ ᠯᠠ᠃ ᠤᠤᠯ ᠨᠢ ᠡᠬᠡᠴᠢ ᠶᠢᠨ ᠬᠠᠶᠢᠷ᠎ᠠ ᠴᠤ ᠡᠵᠢ ᠶᠢᠨ ᠬᠠᠶᠢᠷ᠎ᠠ ᠲᠠᠢ ᠠᠳᠠᠯᠢᠬᠠᠨ ᠠᠨᠠᠪᠠᠳ ᠲᠠᠯᠠᠢ ᠠᠴᠠ ᠬᠦᠨ ᠰᠠᠨᠵᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号