ᠠᠷᠠᠳ ᠤᠨ ᠰᠦᠯᠵᠢᠶ᠎ᠠ ᠶᠢᠨ ᠪᠡᠭᠡᠵᠢᠩ ᠤᠨ 3 ᠰᠠᠷ᠎ᠠ ᠶᠢᠨ 9 ᠤ ᠡᠳᠤᠷ ᠤᠨ ᠮᠡᠳᠡᠭᠡ | | | | ᠦᠨᠤᠳᠤᠷ ᠦᠳᠡ ᠶᠢᠨ ᠬᠤᠶᠢᠨ᠎ᠠ ᠲᠤᠮᠳᠠᠳᠤ ᠤᠯᠤᠰ ᠤᠨ ᠠᠷᠠᠳ ᠤᠨ ᠤᠯᠤᠰ ᠲᠦᠷᠤ ᠶᠢᠨ ᠵᠦᠪᠯᠡᠯᠭᠡᠨ | ᠤ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠬᠤᠷᠢᠶᠠᠨ ᠤ ᠬᠤᠶᠠᠳᠤᠭᠠᠷ ᠬᠤᠷᠠᠯᠳᠤᠭᠠᠨ ᠤ | ᠬᠤᠶᠠᠳᠤᠭᠠᠷ ᠪᠦᠬᠦᠳᠡ ᠬᠤᠷᠠᠯᠳᠤᠭᠠᠨ ᠡᠬᠢᠯᠡᠬᠦ ᠠᠴᠠ ᠡᠮᠤᠨ᠎ᠠ 2019 ᠤᠨ ᠤ ᠬᠤᠶᠠᠷ ᠬᠤᠷᠠᠯ ᠤᠨ ᠭᠡᠰᠢᠬᠦᠳ | ᠤᠨ ᠵᠠᠮ ᠳᠠᠬᠢ ᠰᠤᠷᠪᠤᠯᠵᠢᠯᠠᠭ᠎ᠠ ᠲᠠᠬᠢᠨᠳᠠ ᠡᠬᠢᠯᠡᠪᠡ᠃ ᠪᠦᠬᠦ ᠤᠯᠤᠰ ᠤᠨ ᠤᠯᠤᠰ ᠲᠦᠷᠤ ᠶᠢᠨ ᠵᠦᠪᠯᠡᠯᠭᠡᠨ ᠤ | ᠭᠡᠰᠢᠬᠦᠨ ᠲᠢᠩ ᠪᠠᠭᠠᠳᠤᠷ ᠦᠪᠤᠷ ᠮᠤᠩᠭᠤᠯ ᠤᠨ ᠭᠠᠴᠠᠭᠠᠨ ᠤ ᠬᠢᠨ ᠤ ᠠᠮᠢ ᠠᠬᠤᠢ ᠶᠢ ᠬᠠᠮᠠᠭᠠᠯᠠᠬᠤ ᠪᠠ ᠶᠠᠳᠠᠭᠤ | ᠠᠴᠠ ᠠᠩᠬᠢᠵᠢᠷᠠᠵᠤ ᠪᠡᠶᠠᠵᠢᠨ ᠴᠢᠨᠡᠭᠡᠯᠢᠭᠵᠢᠬᠦ ᠶᠠᠪᠤᠴᠠ ᠳᠤ ᠰᠦᠪᠡᠭᠴᠢᠯᠡᠵᠤ ᠭᠠᠷᠭᠠᠭᠰᠠᠨ ᠰᠢᠨ᠎ᠠ ᠠᠷᠭ᠎ᠠ ᠵᠠᠮ | ᠢᠶᠠᠨ ᠲᠠᠨᠢᠯᠴᠠᠭᠤᠯᠪᠠ᠃ 3 ᠰᠠᠷ᠎ᠠ ᠶᠢᠨ 5 ᠤ ᠡᠳᠤᠷ ᠶᠡᠷᠤᠩᠭᠡᠢ ᠱᠦᠵᠢ ᠰᠢ ᠶᠢᠨ ᠫᠢᠩ ᠦᠪᠤᠷ ᠮᠤᠩᠭᠤᠯ ᠤᠨ | ᠲᠦᠯᠤᠭᠡᠯᠡᠭᠴᠢᠳ ᠤᠨ ᠪᠦᠯᠬᠦᠮ ᠤᠨ ᠬᠢᠨᠠᠨ ᠶᠠᠷᠢᠯᠴᠠᠬᠤ ᠳᠤ ᠤᠷᠤᠯᠴᠠᠬᠤ ᠳᠠᠭᠠᠨ ᠠᠮᠢ ᠠᠬᠤᠢ ᠶᠢᠨ ᠪᠤᠯᠪᠠᠰᠤᠨ ᠤ | ᠪᠠᠶᠢᠭᠤᠯᠤᠯᠳᠡ ᠶᠢᠨ ᠪᠠᠶᠢᠯᠳᠤᠬᠤ ᠪᠤᠳᠤᠯᠭ᠎ᠠ ᠶᠢᠨ ᠪᠠᠳᠤ ᠬᠥᠴᠤᠨ ᠢᠶᠠᠨ ᠴᠢᠩᠭᠠᠳᠬᠠᠬᠤ ᠶᠢ ᠪᠠᠷᠢᠮᠳᠠᠯᠠᠬᠤ ᠬᠡᠷᠡᠭᠳᠠᠢ | ᠭᠡᠵᠤ ᠴᠢᠬᠤᠯᠠᠴᠢᠯᠠᠭᠰᠠᠨ ᠶᠤᠮ᠃ ᠡᠨᠡ ᠲᠤᠬᠠᠢ ᠲᠢᠩ ᠪᠠᠭᠠᠳᠤᠷ ᠢᠯᠡᠷᠭᠡᠶᠢᠯᠡᠬᠦ ᠳᠡᠭᠡᠨ ᠶᠡᠷᠤᠩᠭᠡᠢ ᠱᠦᠵᠢ ᠰᠢ ᠶᠢᠨ | ᠫᠢᠩ ᠦᠪᠤᠷ ᠮᠤᠩᠭᠤᠯ ᠤᠨ ᠨᠤᠳᠤᠭ ᠪᠡᠯᠴᠢᠭᠡᠷ ᠤᠨ ᠠᠮᠢ ᠠᠬᠤᠢ ᠶᠢ ᠤᠨᠴᠠᠭᠠᠶᠢᠯᠠᠨ ᠴᠢᠬᠤᠯᠠᠴᠢᠯᠠᠵᠤ ᠪᠠᠶᠢᠨ᠎ᠠ᠃ | ᠡᠬᠦᠨ ᠳᠤ ᠪᠢᠳᠡ ᠶᠡᠭᠡ ᠪᠠᠷ ᠤᠮᠤᠬᠰᠢᠨ ᠵᠤᠷᠢᠬᠵᠢᠵᠤ᠂ ᠨᠤᠳᠤᠭ ᠪᠡᠯᠴᠢᠭᠡᠷ ᠤᠨ ᠠᠮᠢ ᠠᠬᠤᠢ ᠶᠢᠨ ᠪᠠᠶᠢᠭᠤᠯᠤᠯᠳᠡ | ᠶᠢ ᠨᠡᠩ ᠰᠠᠶᠢᠳᠤᠷ ᠬᠢᠬᠦ ᠡᠷᠡᠰ ᠵᠤᠷᠢᠭ ᠢᠶᠠᠨ ᠨᠡᠩ ᠢᠯᠡᠬᠦᠤ ᠪᠠᠳᠣᠳᠬᠠᠬᠰᠠᠨ ᠪᠠᠶᠢᠨ᠎ᠠ ᠭᠡᠵᠠᠢ᠃ ᠲᠢᠩ ᠪᠠᠭᠠᠳᠤᠷ | ᠬᠡᠯᠡᠬᠦ ᠳᠡᠭᠡᠨ ᠨᠤᠳᠤᠭ ᠪᠡᠯᠴᠢᠭᠡᠷ ᠢ ᠨᠡᠩ ᠰᠠᠶᠢᠳᠤᠷ ᠬᠠᠮᠠᠭᠠᠯᠠᠬᠤ ᠬᠡᠷᠡᠭᠳᠠᠢ ᠬᠡᠬᠦ ᠤᠷᠢᠶ᠎ᠠ ᠬᠠᠰᠬᠢᠷᠬᠤ ᠶᠢᠨ ᠤᠷᠤᠨ | ᠳᠤ ᠦᠨᠡᠨ ᠪᠤᠳᠠᠳᠠᠢ ᠠᠮᠵᠢᠯᠳᠠ ᠪᠦᠳᠤᠮᠵᠢ ᠭᠠᠷᠭᠠᠬᠤ ᠨᠢ ᠬᠠᠮᠤᠭ ᠤᠨ ᠴᠢᠬᠤᠯᠠ ᠶᠤᠮ᠃ ᠪᠢ ᠲᠤᠰᠬᠤᠨ ᠳᠤ | ᠬᠤᠨᠢ ᠶᠢ ᠴᠦᠭᠡᠳᠭᠡᠵᠤ ᠦᠭᠡᠷ ᠢ ᠨᠡᠮᠡᠭᠳᠡᠬᠦᠯᠬᠦ ︽ᠰᠠᠷᠮᠠᠢ ᠶᠢᠨ ᠤᠨᠤᠯ︾ ᠢ ᠤᠷᠤᠭᠤᠯᠤᠨ ᠬᠡᠷᠡᠭᠵᠢᠬᠦᠯᠵᠠᠢ᠃ | ᠶᠠᠭᠤᠨ ᠤᠡ᠊ ᠮᠤᠨᠠ ᠦᠪᠡᠷ ᠤᠨ ᠬᠠᠳᠤᠯᠠᠩ ᠤᠨ ᠬᠤᠨᠢ ᠪᠠᠨ ᠪᠦᠬᠦᠳᠡ ᠶᠢ ᠬᠤᠳᠠᠯᠳᠤᠭᠠᠳ ᠦᠭᠡᠷ ᠲᠡᠵᠢᠭᠡᠨ᠎ᠠ | ᠢᠩᠬᠢᠪᠡᠯ ᠦᠷ᠎ᠡ ᠠᠰᠢᠭ ᠶᠡᠭᠡ ᠰᠠᠶᠢᠨ ᠪᠤᠯᠬᠤ ᠪᠠᠷ ᠪᠠᠷᠠᠬᠤ ᠦᠭᠡᠢ᠂ ᠭᠠᠴᠠᠭᠠᠨ ᠤ ᠮᠠᠯᠴᠢᠳ ᠴᠦᠮ ᠨᠠᠳᠠ ᠠᠴᠠ | ᠰᠤᠷᠤᠯᠴᠠᠨ ᠮᠢᠨᠤ ᠭᠡᠷ ᠤᠨ ᠪᠤᠢ ᠪᠦᠬᠦᠢ ᠡᠳ᠋ ᠬᠥᠷᠤᠩᠭᠡ ᠪᠠᠷ ᠪᠠᠷᠢᠴᠠᠭ᠎ᠠ ᠪᠤᠯᠭᠠᠳᠠᠭ᠂ ᠬᠡᠷᠪᠡ ᠮᠠᠯᠴᠢᠳ ᠤᠨ | ᠤᠷᠤᠯᠭ᠎ᠠ ᠨᠢ ᠪᠠᠭᠤᠷᠠᠪᠠᠯ ᠪᠢ ᠲᠦᠯᠤᠵᠤ ᠦᠭᠬᠦᠨ᠎ᠠ᠃ ᠮᠠᠨ ᠤ ᠭᠠᠴᠠᠭ᠎ᠠ ᠶᠢᠨ ᠬᠥᠮᠤᠨ ᠪᠦᠷᠢ ᠶᠢᠨ ᠲᠤᠮᠳᠠᠴᠢ | ᠤᠷᠤᠯᠭ᠎ᠠ ᠨᠢ 2002 ᠤᠨ ᠳᠤ 700 ᠲᠦᠬᠦᠷᠢᠭ ᠪᠠᠶᠢᠪᠠ ᠦᠨᠤᠳᠤᠷ ᠪᠤᠯᠬᠤ ᠳᠤ ᠨᠢᠭᠡᠨᠳᠡ 1.88 ᠲᠦᠮᠡᠨ | ᠲᠦᠬᠦᠷᠢᠭ ᠪᠤᠯᠳᠠᠯ᠎ᠠ ᠨᠡᠮᠡᠭᠳᠡᠵᠠᠢ᠂ ᠡᠨᠡ ᠨᠢ ᠮᠠᠰᠢ ᠲᠦᠷᠭᠡᠨ ᠨᠡᠮᠡᠭᠳᠡᠯ ᠪᠤᠯᠬᠤ ᠶᠤᠮ ᠭᠡᠵᠠᠢ᠃ ᠲᠢᠩ ᠪᠠᠭᠠᠳᠤᠷ | ᠬᠡᠯᠡᠬᠦ ᠳᠡᠭᠡᠨ ᠬᠠᠳᠤᠯᠠᠩ ᠢ ᠰᠡᠷᠭᠦᠭᠡᠬᠦ ᠦᠭᠡᠷ ᠲᠡᠵᠢᠭᠡᠬᠦ ᠬᠤᠨᠢ ᠶᠢ ᠴᠦᠭᠡᠳᠭᠡᠬᠦ ᠭᠡᠭᠡᠷ᠎ᠡ ᠶᠢᠨ ᠠᠮᠢᠳᠠᠨ ᠤᠷᠭᠤᠮᠠᠯ | ᠢ ᠬᠠᠮᠠᠭᠠᠯᠠᠬᠤ ᠪᠠᠷ ᠲᠡᠮᠵᠢᠨ ᠤᠳᠤ ᠬᠠᠳᠤᠯᠠᠩ ᠲᠡᠭᠡᠷ᠎ᠡ ᠪᠤᠷᠤ ᠬᠥᠷᠤᠭᠡᠰᠤ᠂ ᠦᠨᠡᠭᠡ᠂ ᠮᠠᠩᠬᠢᠰᠤ ᠵᠡᠷᠭᠡ ᠤᠯᠠᠨ | ᠵᠦᠢᠯ ᠤᠨ ᠭᠡᠭᠡᠷ᠎ᠡ ᠶᠢᠨ ᠠᠮᠢᠳᠠᠨ ᠬᠠᠷᠠᠬᠳᠠᠬᠤ ᠪᠤᠯᠵᠤ ᠪᠠᠶᠢᠨ᠎ᠠ᠂ ᠰᠢᠪᠠᠭᠤᠳ ᠴᠦ ᠵᠤᠨ ᠤ ᠤᠯᠠᠷᠢᠯ ᠳᠤ ᠨᠤᠳᠤᠭ | ᠪᠡᠯᠴᠢᠭᠡᠷ ᠲᠤ ᠢᠷᠡᠵᠤ ᠦᠨᠳᠡᠭᠡ ᠵᠤᠯᠵᠠᠭ᠎ᠠ ᠭᠠᠷᠭᠠᠵᠤ᠂ ᠡᠪᠤᠯ ᠤᠨ ᠤᠯᠠᠷᠢᠯ ᠳᠤ ᠲᠠᠬᠢᠭᠠᠳ ᠡᠮᠤᠨᠡᠳᠤ ᠤᠷᠤᠨ | ᠳᠤ ᠪᠤᠴᠠᠵᠤ ᠪᠠᠶᠢᠨ᠎ᠠ᠃ ᠪᠢ ᠪᠤᠳᠤᠬᠤ ᠪᠠᠷ ᠮᠠᠯᠴᠢᠨ ᠲᠦᠮᠡᠨ ᠴᠦᠮ ᠦᠪᠤᠷ ᠮᠤᠩᠭᠤᠯ ᠤᠨ ᠨᠤᠳᠤᠭ ᠪᠡᠯᠴᠢᠭᠡᠷ ᠢ | ᠬᠠᠮᠠᠭᠠᠯᠠᠬᠤ ᠬᠠᠷᠢᠭᠤᠴᠠᠯᠭ᠎ᠠ ᠪᠠᠨ ᠡᠬᠦᠷᠭᠡᠯᠡᠨ ᠠᠪᠴᠤ ᠦᠪᠤᠷ ᠮᠤᠩᠭᠤᠯ ᠤᠨ ᠨᠤᠳᠤᠭ ᠪᠡᠯᠴᠢᠭᠡᠷ ᠢᠶᠠᠨ ᠨᠡᠩ | ᠦᠵᠡᠰᠬᠦᠯᠡᠩᠳᠤ ᠰᠠᠶᠢᠬᠠᠨ ᠪᠤᠯᠭᠠᠪᠠᠯ ᠵᠤᠬᠢᠨ᠎ᠠ ᠭᠡᠵᠠᠢ᠃ | |