ᠪᠦᠸᠧ ᠳ᠋ᠠ ᠱᠢ ᠳ᠋ᠢ ᠺᠣᠮᠫᠡᠨᠢ ︽ᠭᠤᠷᠪᠡ ᠶᠢ ᠬᠦᠷᠬᠡᠬᠦ︾ ᠠᠵᠢᠯᠯᠠᠭ᠎ᠠ ᠪᠠᠷ ᠢᠶᠠᠨ ᠱᠦᠢ ᠴᠢᠩ ᠸᠠᠨ ᠳᠣᠰᠬᠤᠨ ᠤ ᠳᠠᠷᠢᠶᠠᠴᠢᠳ ᠢ ᠳᠣᠰᠠᠯᠠᠪᠠ
ᠨᠡᠶᠢᠲᠡᠯᠡᠭᠰᠡᠨ ᠴᠠᠭ᠄
2019-03-28
     ᠣᠶᠢᠷ᠎ᠠ ᠶᠢᠨ ᠡᠳᠣᠷ᠂ ᠮᠠᠨ ᠤ ᠬᠤᠰᠢᠭᠤᠨ ᠤ ᠨᠠᠷᠢᠡᠭᠤᠣᠯ ᠠᠵᠣ ᠣᠶᠢᠯᠡᠳᠪᠣᠷᠢ ᠶᠢᠨ ᠬᠦᠷᠢᠶᠠᠯᠡᠩ ᠳᠤ ᠰᠠᠭᠤᠷᠢᠰᠢᠵᠣ ᠪᠠᠶᠢᠭ᠎ᠠ ᠦᠪᠣᠷ ᠮᠣᠩᠭᠤᠯ ᠤᠨ ᠪᠦᠸᠧ ᠳ᠋ᠠ ᠱᠢ ᠳ᠋ᠢ ᠺᠣᠮᠫᠡᠨᠢ ᠨᠢ ᠳᠣᠰᠠᠯᠠᠨ ᠳᠡᠳᠬᠦᠵᠣ ᠪᠠᠶᠢᠭ᠎ᠠ ᠰᠢᠷᠬᠤᠰᠣᠨ ᠪᠠᠯᠭᠠᠰᠣᠨ ᠤ ᠱᠦᠢ ᠴᠢᠩ ᠸᠠᠨ ᠳᠣᠰᠬᠤᠨ ᠳᠤ ᠲᠦᠷᠦ ᠶᠢᠨ ᠪᠤᠳᠤᠯᠭ᠎ᠠ ᠶᠢ ᠤᠬᠠᠭᠤᠯᠬᠤ᠂ ᠮᠡᠷᠭᠡᠵᠢᠯ  ᠤᠨ ᠲᠠᠯ᠎ᠠ ᠪᠠᠷ ᠵᠢᠯᠤᠭᠤᠳᠬᠤ᠂ ᠲᠠᠷᠢᠶᠠᠯᠠᠩ ᠤᠨ ᠡᠳ᠋ ᠪᠠᠷᠠᠭ᠎ᠠ ᠶᠢ ᠬᠦᠷᠬᠡᠬᠦ ᠵᠡᠷᠭᠡ ︽ᠭᠤᠷᠪᠡ ᠶᠢ ᠬᠦᠷᠭᠡᠬᠦ︾ ᠠᠷᠭ᠎ᠠ ᠪᠠᠷ ᠮᠠᠯᠴᠢᠨ ᠲᠡᠷᠢᠶᠠᠴᠢᠨ ᠤ ᠬᠠᠪᠣᠷ ᠤᠨ ᠳᠠᠷᠢᠶᠠᠯᠠᠭ᠎ᠠ ᠳᠤ ᠣᠶᠢᠯᠡᠴᠢᠯᠡᠨ ᠬᠦᠳᠡᠭᠡ ᠳᠣᠰᠬᠤᠨ ᠤ ᠬᠦᠭᠵᠢᠨ ᠮᠡᠨᠳᠣᠯᠳᠡ ᠳᠤ ᠬᠦᠴᠦᠨ ᠢᠶᠠᠨ ᠨᠡᠮᠡᠷᠢᠯᠡᠵᠦ ᠪᠠᠶᠢᠨ᠎ᠠ᠃      ᠰᠢᠷᠬᠤᠰᠣᠨ ᠪᠠᠯᠭᠠᠰᠣᠨ ᠤ ᠱᠦᠢ ᠴᠢᠩ ᠸᠠᠨ ᠳᠣᠰᠬᠤᠨ ᠳᠤ ᠦᠪᠣᠷ ᠮᠣᠩᠭᠤᠯ ᠤᠨ ᠪᠦᠸᠧ ᠳ᠋ᠠ ᠱᠢ ᠳ᠋ᠢ ᠺᠣᠮᠫᠡᠨᠢ ᠶᠢᠨ ᠠᠵᠢᠯᠳᠡᠳ ᠳᠣᠰ ᠣᠶᠢᠯᠡᠳᠪᠣᠷᠢ ᠶᠢᠨ ᠬᠢᠮᠢ ᠶᠢᠨ ᠪᠣᠷᠳᠣᠭᠤᠷ ᠤᠨ ᠭᠡᠷᠡᠭᠴᠡᠭᠡ᠂ ᠭᠡᠷᠡᠭᠯᠡᠬᠦ ᠠᠷᠭ᠎ᠠ᠂ ᠬᠦᠷᠣᠰᠣ ᠰᠢᠷᠣᠢ ᠪᠣᠯᠣᠨ ᠬᠢᠮᠢ ᠶᠢᠨ ᠪᠣᠷᠳᠣᠭᠤᠷ ᠢ ᠳᠣᠬᠢᠷᠠᠭᠤᠯᠣᠨ ᠵᠣᠬᠢᠴᠠᠭᠤᠯᠬᠤ ᠵᠡᠷᠭᠡ ᠲᠠᠯ᠎ᠠ ᠪᠠᠷ ᠳᠠᠶᠢᠯᠪᠣᠷᠢᠯᠠᠯᠳᠠ ᠬᠢᠵᠣ ᠳᠣᠬᠠᠢ ᠶᠢᠨ ᠭᠠᠵᠡᠷ ᠤᠨ ᠳᠠᠷᠢᠶᠠᠨ ᠭᠠᠵᠠᠷ ᠤᠨ ᠬᠦᠷᠣᠰᠣ ᠰᠢᠷᠣᠢ ᠶᠢ ᠰᠢᠯᠭᠠᠨ ᠪᠠᠶᠢᠴᠠᠭᠠᠭᠰᠠᠨ ᠤ ᠬᠠᠮᠳᠣ ᠪᠠᠰᠠ ᠨᠢᠬᠡ ᠣᠭᠤᠳᠠ ᠬᠢᠮᠢ ᠶᠢᠨ ᠪᠣᠷᠳᠣᠭᠤᠷ ᠬᠤᠳᠠᠯᠳᠣᠨ ᠠᠪᠣᠪᠠᠯ ᠨᠢᠬᠡ ᠣᠭᠤᠳᠠ ᠬᠦᠷᠭᠡᠬᠦ ᠠᠷᠭ᠎ᠠ ᠪᠠᠷ ᠳᠠᠷᠢᠶᠠᠴᠢᠳ ᠢ ᠬᠠᠷᠠᠭᠠᠯᠵᠠᠨ ᠳᠣᠰᠠᠯᠠᠪᠠ᠃      2009 ᠣᠨ ᠳᠤ ᠪᠠᠶᠢᠭᠤᠯᠣᠭᠳᠠᠭᠰᠠᠨ ᠦᠪᠣᠷ ᠮᠣᠩᠭᠤᠯ ᠤᠨ ᠪᠦᠸᠧ ᠳ᠋ᠠ ᠱᠢ ᠳ᠋ᠢ ᠺᠣᠮᠫᠡᠨᠢ ᠨᠢ ᠵᠢᠯ ᠳᠤ  ᠪᠠᠨ 100 ᠳᠦᠮᠡᠨ ᠳᠣᠨ ᠤ ᠰᠢᠬᠡᠰᠦᠯᠢᠭ ᠡᠳ᠋᠂ 10 ᠳᠦᠮᠡᠨ ᠳᠣᠨ ᠤ ᠬᠢᠮᠢ ᠶᠢ ᠪᠣᠷᠳᠣᠭᠤᠷ ᠣᠶᠢᠯᠡᠳᠪᠣᠷᠢᠯᠡᠳᠡᠭ ᠪᠠᠶᠢᠨ᠎ᠠ᠃ ᠡᠨ᠋ᠨ ᠣᠳᠠᠭ᠎ᠠ ᠦᠪᠣᠷ ᠮᠣᠩᠭᠤᠯ ᠤᠨ ᠪᠦᠸᠧ ᠳ᠋ᠠ ᠱᠢ ᠳ᠋ᠢ ᠺᠣᠮᠫᠡᠨᠢ ᠨᠢ ᠮᠠᠨ ᠤ ᠬᠤᠰᠢᠭᠤᠨ ᠤ ᠳᠠᠷᠢᠶᠠᠨ ᠭᠠᠵᠠᠷ ᠤᠨ ᠬᠦᠷᠣᠰᠣ ᠰᠢᠷᠣᠢ ᠶᠢᠨ ᠣᠨᠴᠠᠯᠢᠭ ᠪᠠᠶᠢᠳᠠᠯ ᠲᠠᠢ ᠵᠣᠬᠢᠴᠡᠭᠤᠯᠣᠨ ᠣᠶᠢᠯᠡᠳᠪᠣᠷᠢᠯᠡᠭᠰᠡᠨ 30 ᠳᠣᠨ ᠤ 3 ᠳᠦᠮᠡ ᠭᠠᠷᠣᠢ ᠳᠦᠭᠦᠷᠢᠭ ᠤᠨ ᠦᠷᠳᠡᠭ ᠤᠨ ᠡᠷᠳᠡᠨᠢ ᠰᠢᠰᠢ ᠶᠢᠨ ᠬᠢᠮᠢ  ᠶᠢᠨ ᠪᠣᠷᠳᠣᠭᠤᠷ ᠢ ᠬᠢᠮᠳᠠ ᠦᠨ᠎ᠡ ᠪᠠᠷ ᠬᠤᠳᠠᠯᠳᠤᠵᠦ ᠲᠡᠷᠢᠶᠠᠴᠢᠳ   ᠢ ᠲᠤᠰᠠᠯᠠᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号