ᠡᠨᠡ ᠬᠠᠪᠤᠷ᠂ ᠮᠠᠨ ᠤ ᠬᠤᠰᠢᠭᠤᠨ ᠤ ᠬᠦᠳᠡᠭᠡ ᠲᠤᠰᠬᠤᠨ ᠤ ᠢᠳᠡᠬᠡᠮᠵᠢᠳᠤ ᠵᠢᠬᠡᠯᠡᠯᠬᠡ ᠶᠢᠨ ᠬᠤᠯᠪᠤᠭᠠᠳᠤ | ᠬᠤᠷᠰᠢᠶ᠎ᠠ ︽ᠮᠠᠯ ᠲᠠᠷᠢᠶᠠᠯᠠᠩ᠂ ᠮᠠᠯᠵᠢᠬᠤ ᠲᠠᠷᠢᠶᠠᠯᠠᠬᠤ ᠤᠷᠤᠨ᠂ ᠮᠠᠯᠴᠢᠨ ᠲᠠᠷᠢᠶᠠᠴᠢᠨ︾ ᠳᠤ ᠦᠢᠯᠡᠴᠢᠯᠡᠬᠦ | ᠬᠦᠴᠦᠯᠡᠴᠡ ᠪᠠᠨ ᠦᠷᠬᠦᠯᠵᠢᠯᠡᠨ ᠨᠡᠮᠡᠭᠳᠡᠬᠦᠯᠵᠦ ᠮᠠᠯᠴᠢᠨ ᠲᠠᠷᠢᠶᠠᠴᠢᠨ ᠤ ᠬᠠᠪᠤᠷ ᠤᠨ ᠲᠠᠷᠢᠶᠠᠯᠠᠭ᠎ᠠ᠂ ᠲᠦᠯ ᠮᠠᠯ | ᠤᠨ ᠣᠨᠳᠤᠷᠤᠯᠳᠠ᠂ ᠡᠪᠡᠰᠤ ᠪᠤᠷᠳᠤᠭᠠᠨ ᠤ ᠵᠠᠷᠤᠴᠠᠭᠤᠯᠭ᠎ᠠ ᠵᠡᠷᠭᠡ ᠮᠠᠯ ᠲᠠᠷᠢᠶᠠᠯᠠᠩ ᠤᠨ ᠡᠯ᠎ᠡ ᠭᠤᠭᠴᠤᠭᠠᠨ ᠳᠤ | ᠪᠡᠯᠡ ᠮᠥᠩᠬᠦ ᠲᠤᠳᠠᠭᠳᠠᠵᠦ ᠪᠠᠶᠢᠭ᠎ᠠ ᠠᠰᠠᠭᠤᠳᠠᠯ ᠢ ᠪᠦᠲᠦᠮᠵᠢᠳᠠᠢ ᠰᠢᠢᠳᠪᠦᠷᠢᠯᠡᠵᠦ ᠪᠠᠶᠢᠨ᠎ᠠ᠃ | ᠭᠠᠯᠠᠭᠤᠳᠤ ᠪᠠᠯᠭᠠᠰᠤᠨ ᠤ ᠰᠡᠪᠬᠦᠯ ᠭᠠᠴᠠᠭᠠᠨ ᠤ ᠮᠠᠯᠴᠢᠨ ᠨᠠᠶᠠᠠᠪᠠᠶᠠᠷ ᠤᠨ ᠬᠢᠨ ᠡᠨᠡ ᠵᠢᠯ ᠮᠠᠯ ᠲᠠᠷᠢᠶᠠᠯᠠᠩ | ᠤᠨ ᠰᠠᠭᠤᠷᠢ ᠲᠦᠬᠦᠬᠡᠷᠤᠮᠵᠢ ᠪᠠᠨ ᠦᠷᠭᠡᠳᠬᠡᠨ ᠪᠠᠶᠢᠭᠤᠯᠵᠦ ᠲᠡᠵᠢᠬᠡᠨ ᠲᠠᠷᠭᠤᠯᠠᠭᠤᠯᠬᠤ ᠦᠢᠯᠡᠰ ᠡᠷᠬᠢᠯᠡᠬᠦ ᠪᠠᠷ | ᠲᠥᠯᠦᠪᠯᠡᠵᠦ ᠪᠠᠶᠢᠭ᠎ᠠ ᠴᠤ ︽ᠰᠠᠨᠠᠭ᠎ᠠ ᠪᠠᠶᠢᠭᠠᠳ ᠣᠨᠤᠭ᠎ᠠ ᠬᠦᠷᠬᠦ ᠦᠭᠡᠢ︾ ᠪᠤᠯᠵᠦ ᠪᠡᠯᠡ ᠮᠥᠩᠬᠦ ᠲᠤᠳᠠᠭᠳᠠᠨ | ᠠᠷᠭ᠎ᠠ ᠮᠤᠬᠤᠷᠳᠠᠵᠦ ᠪᠠᠶᠢᠬᠤ ᠪᠠᠷ ᠢᠶᠠᠨ ᠬᠦᠳᠡᠭᠡ ᠲᠤᠰᠬᠤᠨ ᠤ ᠢᠳᠡᠬᠡᠮᠵᠢᠳᠤ ᠵᠢᠬᠡᠯᠡᠯᠭᠡ ᠶᠢᠨ ᠬᠤᠯᠪᠤᠭᠠᠳᠤ | ᠬᠤᠷᠰᠢᠶ᠎ᠠ ᠳᠤ ᠬᠦᠷᠴᠦ ᠠᠰᠠᠭᠤᠨ ᠯᠠᠪᠯᠠᠵᠦ ᠨᠥᠬᠦᠴᠡᠯ ᠳᠤ ᠨᠡᠶᠢᠴᠡᠭᠰᠡᠨ ᠢᠶᠠᠷ ᠵᠢᠬᠡᠯᠡᠯᠬᠡ ᠶᠢᠨ ᠭᠠᠷᠳᠠᠮ ᠢᠶᠠᠨ | ᠬᠡᠳᠤᠬᠡᠨ ᠮᠢᠨᠦ᠋ᠲ ᠤᠨ ᠲᠤᠳᠤᠷ᠎ᠠ ᠬᠦᠢᠴᠡᠳᠬᠡᠵᠦ ᠲᠠᠪᠤᠨ ᠲᠥᠮᠡᠨ ᠲᠦᠬᠦᠷᠢᠭ ᠢᠶᠠᠨ ᠭᠠᠷᠳᠠᠨ ᠠᠪᠬᠤ ᠪᠤᠯᠪᠠ᠃ | ᠮᠠᠯᠴᠢᠨ ᠨᠠᠶᠠᠠᠪᠠᠶᠠᠷ᠄ ︽ᠡᠨᠡ ᠵᠢᠬᠡᠯᠡᠯᠬᠡ ᠶᠢ ᠠᠪᠴᠦ ᠬᠠᠪᠤᠷ ᠤᠨ ᠲᠠᠷᠢᠶ᠎ᠠ ᠲᠠᠷᠢᠬᠤ᠂ ᠪᠤᠷᠳᠤᠭᠤᠷ ᠠᠪᠬᠤ᠂ | ᠪᠠᠰᠠ ᠨᠢᠭᠡ ᠲᠦᠬᠦᠬᠡᠷᠤᠮᠵᠢ ᠠᠪᠬᠤ ᠰᠠᠨᠠᠭᠠᠳᠠᠢ᠃ ᠢᠩᠬᠢᠬᠡᠳ ᠠᠩᠬᠠᠨ ᠤ ᠬᠦᠴᠢᠷᠳᠡᠯ ᠢ ᠲᠤᠭᠤᠯᠤᠭᠠᠳ | ᠭᠠᠷᠴᠢᠬᠠᠪᠠᠯ ᠨᠠᠮᠤᠷ ᠲᠠᠭᠠᠨ ᠪᠠᠰᠠ ᠣᠷᠤᠯᠭ᠎ᠠ ᠰᠠᠶᠢᠳᠠᠢ ᠪᠤᠯᠬᠤ ᠬᠡᠵᠦ ᠪᠤᠳᠤᠵᠦ ᠪᠠᠶᠢᠨ᠎ᠠ︾ ᠬᠡᠵᠦ ᠬᠡᠯᠡᠵᠦ ᠪᠠᠶᠢᠪᠠ | ᠃ | ᠦᠤᠰᠢᠨ ᠬᠤᠰᠢᠭᠤᠨ ᠤ ᠬᠦᠳᠡᠭᠡ ᠲᠤᠰᠬᠤᠨ ᠤ ᠢᠳᠡᠬᠡᠮᠵᠢᠳᠤ ᠵᠢᠬᠡᠯᠡᠯᠬᠡ ᠶᠢᠨ ᠬᠤᠯᠪᠤᠭᠠᠳᠤ ᠬᠤᠷᠰᠢᠶ᠎ᠠ | ᠶᠢᠨ ᠪᠠᠶᠠᠠᠴᠠᠶᠢᠳᠠᠮ ᠰᠠᠯᠪᠤᠷᠢ ᠬᠤᠷᠰᠢᠶ᠎ᠠ ᠶᠢᠨ ᠡᠷᠬᠢᠯᠡᠭᠴᠢ ᠬᠡᠯᠳᠤᠤᠴᠡᠢ᠄ ︽ᠬᠠᠪᠤᠷ ᠤᠨ ᠣᠯᠠᠷᠢᠯ ᠪᠤᠯᠬᠤ ᠪᠦᠷᠢ | ᠳᠤ ᠮᠠᠯᠴᠢᠨ ᠲᠠᠷᠢᠶᠠᠴᠢᠨ ᠤ ᠵᠢᠬᠡᠯᠡᠯᠬᠡ ᠠᠪᠬᠤ ᠬᠡᠷᠡᠭᠴᠡᠭᠡ ᠱᠠᠭᠠᠷᠳᠠᠯᠭ᠎ᠠ ᠨᠡᠮᠡᠭᠳᠡᠳᠡᠭ᠃ ᠮᠠᠨ ᠤ ᠢᠳᠡᠬᠡᠮᠵᠢ ᠶᠢᠨ | ᠬᠤᠷᠰᠢᠶ᠎ᠠ ᠡᠨᠡᠬᠦ ᠪᠠᠶᠢᠳᠠᠯ ᠳᠤ ᠬᠠᠨᠳᠤᠭᠤᠯᠤᠨ ᠵᠢᠬᠡᠯᠡᠯᠬᠡ ᠶᠢᠨ ᠭᠠᠷ ᠬᠦᠢᠴᠡᠳᠬᠡᠯ ᠢ ᠲᠦᠬᠦᠮᠴᠢᠯᠡᠬᠦ᠂ ᠬᠦᠤ ᠮᠥᠩᠬᠦ | ᠶᠢ ᠨᠢ ᠲᠤᠷᠤᠭᠰᠢᠯᠠᠭᠤᠯᠬᠤ ᠬᠡᠬᠦ ᠮᠡᠳᠤ ᠶᠢᠨ ᠠᠷᠭ᠎ᠠ ᠠᠪᠴᠠᠯ ᠢᠶᠠᠷ ᠦᠷᠬᠡᠨ ᠣᠯᠠᠨ ᠮᠠᠯᠴᠢᠨ ᠲᠠᠷᠢᠶᠠᠴᠢᠳ ᠤᠨ | ᠪᠡᠯᠡ ᠲᠤᠳᠠᠭᠳᠠᠵᠦ ᠪᠠᠶᠢᠭ᠎ᠠ ᠠᠰᠠᠭᠤᠳᠠᠯ ᠢ ᠰᠢᠢᠳᠪᠦᠷᠢᠯᠡᠵᠦ ᠪᠠᠶᠢᠨ᠎ᠠ︾ ᠬᠡᠵᠦ ᠶᠠᠷᠢᠪᠠ᠃ | ᠬᠠᠪᠤᠷ ᠠᠴᠠ ᠨᠠᠰᠢ ᠮᠠᠨ ᠤ ᠬᠤᠰᠢᠭᠤᠨ ᠤ ᠬᠦᠳᠡᠭᠡ ᠲᠤᠰᠬᠤᠨ ᠤ ᠢᠳᠡᠬᠡᠮᠵᠢᠳᠤ ᠵᠢᠬᠡᠯᠡᠯᠬᠡ ᠶᠢᠨ | ᠬᠤᠯᠪᠤᠭᠠᠳᠤ ᠬᠤᠷᠰᠢᠶ᠎ᠠ ᠠᠵᠢᠯᠳᠠᠳ ᠢᠶᠠᠨ ᠵᠤᠬᠢᠶᠠᠨ ᠪᠠᠶᠢᠭᠤᠯᠤᠨ ᠮᠠᠯᠵᠢᠬᠤ ᠣᠷᠤᠨ ᠬᠦᠳᠡᠭᠡ ᠲᠤᠰᠬᠤᠨ ᠢᠶᠠᠷ | ᠬᠦᠷᠴᠤ ᠪᠠᠶᠢᠴᠠᠭᠠᠨ ᠰᠤᠳᠤᠯᠤᠯᠳᠠ ᠬᠢᠵᠦ ᠮᠠᠯᠴᠢᠨ ᠲᠠᠷᠢᠶᠠᠴᠢᠨ ᠤ ᠬᠠᠪᠤᠷ ᠤᠨ ᠮᠠᠯ ᠲᠠᠷᠢᠶᠠᠯᠠᠩ ᠤᠨ | ᠦᠢᠯᠡᠳᠪᠦᠷᠢᠯᠡᠯ ᠳᠤ ᠬᠡᠷᠡᠭᠰᠡᠬᠦ ᠪᠡᠯᠡ ᠮᠥᠩᠬᠦ ᠲᠤᠳᠠᠭᠳᠠᠵᠦ ᠪᠠᠶᠢᠭ᠎ᠠ ᠠᠰᠠᠭᠤᠳᠠᠯ ᠳᠤ ᠵᠤᠷᠢᠭᠤᠯᠤᠨ ︽ᠬᠦᠤ | ᠮᠥᠩᠬᠦ ᠶᠢ ᠲᠤᠷᠤᠭᠰᠢᠯᠠᠭᠤᠯᠵᠦ ᠵᠢᠬᠡᠯᠡᠯᠭᠡ ᠶᠢᠨ ᠬᠤᠭᠤᠴᠠᠭ᠎ᠠ ᠶᠢ ᠣᠷᠳᠤᠳᠬᠠᠨ ᠵᠢᠬᠡᠯᠡᠯᠬᠡ ᠠᠪᠬᠤ ᠭᠠᠷᠳᠠᠮ ᠢ | ᠲᠦᠬᠦᠮᠴᠢᠯᠡᠵᠦ ᠮᠠᠯᠴᠢᠨ ᠲᠠᠷᠢᠶᠠᠴᠢᠨ ᠤ ᠬᠡᠷ ᠲᠤ ᠨᠢ ᠬᠦᠷᠴᠦ ᠦᠢᠯᠡᠴᠢᠯᠡᠬᠦ︾ ᠬᠠᠷᠠᠭᠠᠯᠵᠠᠭᠰᠠᠨ ᠠᠷᠭ᠎ᠠ ᠠᠪᠴᠠᠯ | ᠢ ᠲᠤᠭᠳᠠᠭᠠᠨ ᠬᠡᠷᠡᠭᠵᠢᠬᠦᠯᠵᠦ ᠬᠤᠭᠤᠴᠠᠭ᠎ᠠ ᠬᠤᠪᠢᠶᠠᠨ ᠲᠦᠯᠦᠬᠦ᠂ ᠦᠪᠡᠷᠳᠡᠬᠡᠨ ᠵᠢᠬᠡᠯᠡᠯᠬᠡ ᠶᠢᠨ ᠬᠤᠭᠤᠴᠠᠭ᠎ᠠ ᠶᠢ | ᠲᠤᠭᠳᠠᠭᠠᠬᠤ ᠵᠡᠷᠭᠡ ᠣᠯᠠᠨ ᠲᠦᠷᠦᠯ ᠤᠨ ᠵᠢᠬᠡᠯᠡᠯᠬᠡ ᠶᠢ ᠲᠤᠬᠢᠷᠠᠭᠤᠯᠵᠦ ᠨᠢᠬᠡ ᠦᠷᠳᠡᠬᠡᠴᠢᠯᠡᠭᠰᠡᠨ ᠦᠢᠯᠡᠴᠢᠯᠡᠭᠡ | ᠬᠠᠩᠭᠠᠭᠰᠠᠨ ᠪᠠᠶᠢᠨ᠎ᠠ᠃ ᠡᠨᠡ ᠵᠢᠯ ᠦᠤᠰᠢᠨ ᠬᠤᠰᠢᠭᠤᠨ ᠤ ᠬᠦᠳᠡᠭᠡ ᠲᠤᠰᠬᠤᠨ ᠤ ᠢᠳᠡᠬᠡᠮᠵᠢᠳᠤ ᠵᠢᠬᠡᠯᠡᠯᠬᠡ ᠶᠢᠨ | ᠬᠤᠯᠪᠤᠭᠠᠳᠤ ᠬᠤᠷᠰᠢᠶ᠎ᠠ ᠨᠢ ︽ᠮᠠᠯ ᠲᠠᠷᠢᠶᠠᠯᠠᠩ᠂ ᠮᠠᠯᠵᠢᠬᠤ ᠲᠠᠷᠢᠶᠠᠯᠠᠬᠤ ᠤᠷᠤᠨ᠂ ᠮᠠᠯᠴᠢᠨ ᠲᠠᠷᠢᠶᠠᠴᠢᠨ︾ ᠳᠤ | ᠲᠤᠰᠠᠯᠠᠬᠤ ᠵᠢᠬᠡᠯᠡᠯᠬᠡ ᠶᠢᠨ ᠪᠡᠯᠡ ᠮᠥᠩᠬᠦ ᠶᠢ ᠨᠡᠶᠢᠳᠡ 5 ᠳ᠋ᠥᠩᠰᠢᠭᠤᠷ ᠲᠥᠬᠦᠷᠢᠭ ᠲᠠᠯᠪᠢᠬᠤ ᠪᠠᠷ ᠪᠡᠯᠡᠳᠬᠡᠵᠦ | ᠣᠳᠤᠬᠠᠨ ᠪᠤᠯᠳᠠᠯ᠎ᠠ ᠨᠢᠬᠡᠨᠳᠡ 1.2 ᠳ᠋ᠥᠩᠰᠢᠭᠤᠷ ᠲᠦᠬᠦᠷᠢᠭ ᠤᠨ ᠵᠢᠬᠡᠯᠡᠯᠬᠡ ᠲᠠᠯᠪᠢᠭᠰᠠᠨ ᠪᠠᠶᠢᠨ᠎ᠠ᠃ |