ᠣᠯᠠᠮᠵᠢᠯᠠᠯᠳᠣ ᠬᠦᠭᠵᠢᠮ ᠢᠶᠠᠨ ᠣᠷᠠᠯᠠᠨ ᠦᠪ ᠰᠣᠶᠣᠯ ᠢᠶᠠᠨ ᠦᠪᠯᠡᠨ ᠵᠠᠯᠭᠠᠮᠵᠢᠯᠠᠵᠤ ᠶᠠᠪᠣᠭ᠎ᠠ ᠮᠠᠯᠴᠢᠨ ᠵᠢᠷᠡᠨᠪᠠᠶᠡᠷ
ᠨᠡᠶᠢᠲᠡᠯᠡᠭᠰᠡᠨ ᠴᠠᠭ᠄
2019-03-29
   ᠮᠣᠩᠭᠤᠯᠴᠣᠳ ᠤᠨ ᠤᠯᠠᠮᠵᠢᠯᠠᠯᠳᠤ ᠬᠦᠭᠵᠢᠮ ᠪᠠᠭᠠᠵᠢ ᠪᠣᠯᠬᠤ ᠮᠣᠷᠢᠨ ᠬᠤᠭᠤᠷ᠂ ᠲᠦᠷᠪᠠᠨ ᠤᠳᠠᠰᠤᠳᠤ ᠬᠤᠭᠤᠷ ᠨᠢ ᠨᠡᠶᠢᠭᠡᠮ ᠤᠨ ᠬᠦᠭᠵᠢᠯᠳᠡ ᠬᠤᠪᠢᠷᠠᠯᠳᠠ ᠶᠢ ᠲᠠᠭᠠᠯᠳᠤᠨ ᠣᠯᠠᠮᠵᠢᠯᠠᠯᠳᠣ ᠭᠠᠷ ᠣᠷᠠᠯᠠᠯ ᠢᠶᠠᠷ ᠣᠷᠠᠯᠠᠨ ᠬᠢᠭᠦ ᠣᠷᠠᠨ ᠳᠠᠷᠬᠠᠳ ᠣᠯᠠᠮ ᠴᠦᠬᠡᠷᠡᠵᠣ ᠪᠠᠶᠢᠭ᠎ᠠ ᠶᠣᠮ᠃ ᠮᠠᠯᠴᠢᠨ ᠵᠢᠷᠠᠨᠪᠠᠶᠠᠷ ᠪᠣᠯ ᠤᠯᠠᠮᠵᠢᠯᠠᠯᠳᠤ ᠭᠠᠷ ᠤᠷᠠᠯᠠᠯ ᠤᠨ ᠮᠡᠷᠭᠡᠵᠢᠯ ᠢᠶᠠᠷ ᠮᠤᠷᠢᠨ ᠬᠤᠭᠤᠷ᠂ ᠲᠦᠷᠪᠡᠨ ᠤᠳᠠᠰᠤᠳᠤ ᠬᠤᠭᠤᠷ ᠬᠢᠵᠦ᠂ ᠲᠡᠭᠡᠳᠤᠰ ᠠᠴᠠ ᠪᠠᠨ ᠤᠯᠠᠮᠵᠢᠯᠠᠵᠤ ᠢᠷᠡᠭᠰᠡᠨ ᠤᠯᠠᠮᠵᠢᠯᠠᠯᠳᠤ ᠭᠠᠷ ᠤᠷᠠᠯᠠᠯ ᠢᠶᠠᠨ ᠦᠪᠯᠡᠨ ᠵᠠᠯᠭᠠᠮᠵᠢᠯᠠᠵᠤ ᠶᠠᠪᠣᠭ᠎ᠠ ᠣᠷᠠᠨ ᠳᠠᠷᠬᠠᠳ ᠤᠨ ᠨᠢᠬᠡ ᠨᠢ ᠪᠢᠯᠡ᠃    ᠰᠦᠯᠳᠡ ᠰᠤᠮᠤᠨ ᠤ ᠲᠣᠯᠢ ᠭᠠᠴᠠᠭᠠᠨ ᠤ ᠮᠠᠯᠴᠢᠨ ᠵᠢᠷᠠᠨᠪᠠᠶᠠᠷ ᠬᠠᠷᠠᠬᠠᠨ ᠪᠠᠭ᠎ᠠ ᠠᠴᠠ ᠪᠠᠨ ᠠᠪᠤ ᠶᠢᠨ ᠢᠶᠠᠨ ᠬᠤᠭᠤᠷ ᠬᠢᠭᠦ ᠣᠷ᠎ᠠ ᠮᠠᠷᠬᠡᠵᠢᠯ ᠢ ᠪᠠᠭ᠋ᠠᠷᠬᠠᠨ ᠲᠡᠭᠡᠳᠤᠰ ᠠᠴᠠ ᠪᠠᠨ ᠦᠪᠯᠡᠵᠦ ᠢᠷᠡᠭᠰᠡᠨ ᠬᠤᠭᠤᠷ ᠬᠢᠭᠦ ᠮᠡᠷᠭᠡᠵᠢᠯ ᠤᠨ ᠡᠷᠳᠡᠮ ᠢ ᠰᠤᠷᠴᠥ ᠮᠤᠳᠣᠨ ᠳᠠᠷᠬᠠᠨ ᠤ ᠡᠷᠳᠡᠮ ᠢ ᠦᠪᠯᠡᠨ  ᠵᠠᠯᠭᠠᠮᠵᠢᠯᠠᠭᠰᠠᠨ ᠶᠣᠮ᠃  ᠳᠠᠷᠠ ᠬᠤᠷᠢᠭᠠᠳ ᠵᠢᠯ  ᠱᠧᠨ᠋ᠵᠧᠨ᠂ ᠪᠡᠭᠡᠵᠢᠩ᠂ ᠡᠷᠢᠶᠠᠨ ᠬᠤᠳᠠ ᠵᠡᠷᠬᠡ ᠤᠯᠠᠨ ᠭᠠᠵᠠᠷ ᠤᠳ ᠢᠶᠠᠷ ᠤᠯᠠᠮᠵᠢᠯᠠᠯᠳᠤ ᠭᠠᠷ ᠤᠷᠠᠯᠠᠯ ᠤᠨ ᠤᠶᠢᠯᠡᠰ ᠡᠷᠬᠢᠯᠡᠨ ᠬᠢᠵᠣ ᠪᠠᠶᠢᠭᠰᠠᠨ ᠢᠶᠠᠨ ᠠᠪᠤ ᠡᠵᠢ ᠶᠢᠨ ᠬᠢᠨᠢ ᠨᠠᠰᠤ ᠵᠢᠯ ᠦᠨᠳᠤᠷ ᠪᠣᠯᠵᠣ ᠠᠰᠠᠷᠠᠵᠣ ᠬᠠᠷᠠᠭᠠᠯᠵᠠᠬᠤ ᠴᠢᠬᠤᠯᠠᠳᠠᠢ ᠪᠣᠯᠣᠭᠰᠠᠨ ᠪᠠ ᠤᠯᠠᠮᠵᠢᠯᠠᠯᠳᠤ ᠭᠠᠷ ᠤᠷᠠᠯᠠᠯ ᠢᠶᠠᠨ ᠨᠤᠳᠤᠭ ᠣᠰᠣᠨ ᠳᠤ  ᠪᠠᠨ ᠤᠯᠠᠮᠵᠢᠯᠠᠵᠤ ᠬᠦᠭᠵᠢᠭᠦᠯᠥᠶ᠎ᠡ ᠬᠡᠳ ᠤᠷᠴᠢᠮ ᠤᠨ ᠬᠤᠶᠠᠷ ᠵᠢᠯ ᠨᠤᠳᠤᠭ ᠲᠤ ᠪᠠᠨ ᠪᠤᠴᠠᠨ ᠢᠷᠠᠵᠠᠢ᠃    2000 ᠤᠨ ᠳᠤ ᠵᠢᠷᠠᠨᠪᠠᠶᠠᠷ ᠠᠪᠤ ᠠᠴᠠ ᠪᠠᠨ ᠬᠤᠭᠤᠷ ᠬᠢᠭᠦ ᠮᠡᠷᠭᠡᠵᠢᠯ ᠢ ᠲᠦᠭᠦᠮᠭᠡᠨ ᠰᠣᠷᠴᠣ ᠡᠵᠡᠮᠰᠢᠭᠰᠡᠨ  ᠤ ᠲᠠᠷᠠᠭ᠎ᠠ ᠭᠠᠳᠠᠨ᠎ᠠ‌ᠮᠤᠵᠢ ᠤᠷᠤᠨ ᠢᠶᠠᠷ ᠰᠤᠷᠤᠯᠴᠠᠨ ᠦᠪᠡᠷ ᠤᠨ ᠲᠤᠰᠬᠠᠢ ᠮᠡᠷᠭᠡᠵᠢᠯ ᠢᠶᠠᠨ  ᠲᠡᠭᠡᠭᠰᠢᠯᠡᠭᠦᠯᠵᠦ ᠦᠨᠳᠣᠰᠣᠳᠡᠨ ᠤ ᠣᠯᠠᠮᠵᠢᠯᠠᠯᠳᠣ ᠣᠨᠴᠠᠯᠢᠭ ᠢ ᠳᠣᠰᠬᠠᠭᠰᠠᠨ ᠨᠡᠷᠢᠯᠢᠭ᠋ ᠬᠢᠴᠡ ᠲᠠᠢ᠂  ᠬᠦᠭ ᠠᠶᠡᠰ ᠨᠢ ᠢᠷᠡᠭᠤ ᠳᠣᠳᠣ ᠬᠤᠭᠤᠷ ᠬᠦᠭᠵᠢᠮ ᠢ ᠣᠷᠠᠯᠠᠨ ᠬᠢᠭᠦ ᠪᠤᠯᠤᠭᠰᠠᠨ ᠢᠶᠠᠷ ᠳᠡᠬᠦᠨ ᠤ ᠣᠷᠠᠯᠠᠨ ᠬᠢᠭᠰᠡᠨ ᠬᠤᠭᠤᠷ ᠨᠢ ᠵᠠᠬ᠎ᠠ ᠲᠡᠯᠭᠡᠭᠦᠷ ᠳᠡᠭᠡᠷ᠎ᠡ ᠨᠡᠯᠢᠶᠡᠳ  ᠪᠤᠷᠤᠯᠠᠭᠤᠯᠭ᠎ᠠ ᠰᠠᠶᠢᠳᠡᠢ ᠪᠣᠯᠣᠭᠰᠠᠨ ᠪᠠᠶᠢᠨ᠎ᠠ᠃ ᠵᠢᠷᠠᠨᠪᠠᠶᠠᠷ ᠨᠣᠳᠤᠭ ᠲᠠᠭᠠᠨ ᠪᠣᠴᠠᠵᠣ ᠢᠷᠡᠭᠰᠡᠨ ᠤ ᠳᠠᠷᠠᠭ᠎ᠠ ᠦᠪᠡᠷ ᠤᠨ ᠢᠶᠠᠨ ᠣᠷ᠎ᠠ ᠮᠡᠷᠬᠡᠵᠢᠯ ᠢᠶᠠᠨ ᠨᠡᠩ ᠳᠡᠬᠡᠭᠰᠢᠯᠡᠬᠦᠯᠥᠨ ᠤᠯᠠᠮᠵᠢᠯᠠᠯᠳᠤ ᠠᠷᠭ᠎ᠠ ᠪᠠᠷ ᠬᠢᠭᠰᠡᠨ ᠮᠤᠷᠢᠨ ᠬᠤᠭᠤᠷ ᠢ ᠭᠡᠷᠬᠢᠨ ᠬᠦᠮᠦᠰ ᠤᠨ ᠭᠡᠷᠡᠭᠴᠡᠭᠡ ᠱᠠᠭᠠᠷᠳᠠᠯᠭ᠎ᠠ ᠳᠤ ᠨᠠᠶᠢᠴᠡᠭᠦᠯᠣᠨ ᠵᠠᠬ᠎ᠠ ᠲᠡᠯᠭᠡᠭᠦᠷ ᠶᠢᠨ ᠬᠦᠭᠵᠢᠯᠳᠡ ᠳᠤ ᠵᠣᠬᠢᠴᠠᠭᠤᠯᠬᠤ ᠵᠡᠷᠭᠡ ᠲᠠᠯ᠎ᠠ ᠪᠠᠷ ᠠᠷᠭ᠎ᠠ ᠵᠠᠮ  ᠰᠦᠪᠡᠭᠴᠢᠯᠡᠨ ᠵᠣᠷᠢᠭᠳᠡᠢ ᠰᠡᠳᠬᠢᠨ ᠪᠣᠳᠠᠳᠠᠢ ᠠᠵᠢᠯᠯᠠᠵᠣ ᠶᠠᠪᠣᠭ᠎ᠠ ᠶᠣᠮ᠃  
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号