ᠲᠥᠯᠥᠬᠡᠯᠡᠭᠴᠢ ᠰᠤᠶᠤᠯᠳᠤ᠄ ᠪᠤᠳᠠᠳᠤ ᠪᠠᠶᠢᠳᠠᠯ ᠳᠤ ᠨᠢ ᠲᠤᠬᠢᠷᠠᠭᠤᠯᠤᠨ ᠶᠠᠳᠠᠭᠤ ᠶᠢ ᠲᠡᠳᠬᠦᠬᠦ ᠠᠷᠭ᠎ᠠ ᠬᠡᠮᠵᠢᠶ᠎ᠡ ᠶᠢ ᠠᠪᠤᠪᠠᠯ ᠵᠤᠬᠢᠨ᠎ᠠ
ᠨᠡᠶᠢᠲᠡᠯᠡᠭᠰᠡᠨ ᠴᠠᠭ᠄
2019-03-04
     ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠪᠤᠯ ᠬᠥᠳᠡᠭᠡ ᠲᠤᠰᠬᠤᠨ ᠢ ᠬᠥᠭᠵᠢᠬᠦᠯᠭᠦ᠂ ᠴᠢᠨᠡᠬᠡᠯᠢᠭ ᠨᠡᠶᠢᠬᠡᠮ ᠢ ᠪᠥᠬᠦ ᠲᠠᠯ᠎ᠠ ᠪᠠᠷ ᠪᠡᠶᠡᠯᠡᠬᠦᠯᠬᠦ ᠶᠢᠨ ᠰᠠᠭᠤᠷᠢ ᠶᠤᠮ᠃ ᠬᠡᠷᠪᠡ ᠶᠠᠳᠠᠭᠤ ᠭᠦᠴᠢᠷᠳᠡᠯᠳᠠᠢ ᠪᠠᠶᠢᠳᠠᠯ ᠢ ᠤᠮᠳᠤᠭᠠᠶᠢᠯᠠᠬᠤ ᠳᠤ ᠬᠥᠷᠪᠡᠯ 2020 ᠤᠨ ᠳᠤ ᠪᠥᠬᠦ ᠨᠡᠶᠢᠬᠡᠮ ᠢᠶᠠᠷ ᠢᠶᠠᠨ ᠴᠢᠨᠡᠬᠡᠯᠢᠭ ᠨᠡᠶᠢᠢᠬᠡᠮ ᠢ ᠪᠡᠶᠡᠯᠡᠬᠦᠯᠬᠦ ᠬᠠᠷᠠᠯᠳᠡ ᠳᠤ ᠬᠥᠷᠬᠦ ᠳᠤ ᠬᠥᠴᠢᠷ ᠶᠤᠮ᠃ ᠡᠶᠢᠮᠥ ᠠᠴᠠ ᠶᠠᠳᠠᠭᠤ ᠠᠴᠠ ᠠᠩᠬᠢᠵᠢᠷᠠᠭᠤᠯᠬᠤ ᠪᠤᠯ ᠰᠢᠨ᠎ᠡ ᠬᠥᠳᠡᠭᠡ ᠲᠤᠰᠬᠤᠨ ᠢ ᠪᠡᠶᠢᠭᠤᠯᠬᠤ ᠳᠤ ᠵᠠᠶᠢᠯᠠᠵᠥ ᠪᠤᠯᠤᠰᠢ ᠥᠬᠡᠢ᠂ ᠤᠮᠳᠤᠭᠠᠶᠢᠯᠠᠵᠥ ᠪᠤᠯᠤᠰᠢ ᠥᠬᠡᠢ ᠵᠤᠶᠢᠯ ᠪᠤᠯᠤᠨ᠎ᠠ᠃ ᠮᠠᠨ ᠤ ᠭᠠᠴᠠᠭ᠎ᠠ ᠥᠡᠭᠭᠡᠷᠡᠭᠰᠡᠨ ᠳᠤ ᠶᠠᠳᠠᠭᠤ ᠬᠥᠴᠢᠷᠳᠡᠯᠳᠠᠢ ᠡᠷᠤᠭᠡ ᠳᠤ ᠮᠠᠯ ᠬᠤᠳᠠᠯᠳᠤᠨ ᠠᠪᠴᠥ ᠥᠭᠬᠦ᠂ ᠮᠠᠰᠢᠨ ᠬᠤᠳᠠᠯᠳᠤᠨ ᠠᠪᠴᠤ ᠥᠭᠬᠦ᠂ ᠤᠷᠤᠨ ᠬᠡᠷ ᠪᠠᠷᠢᠵᠤ ᠦᠭᠭᠦ ᠂ ᠰᠠᠭᠤᠷᠢ ᠪᠥᠳᠥᠬᠡᠨ ᠪᠠᠶᠢᠭᠤᠯᠤᠯᠳᠡ ᠬᠢᠵᠥ ᠥᠭᠬᠦ᠂ ᠠᠵᠢᠯ ᠤᠯᠭᠤᠬᠤ ᠵᠡᠷᠬᠡ ᠠᠷᠭ᠎ᠠ ᠪᠠᠷᠢᠯ ᠢᠶᠠᠷ ᠶᠠᠳᠠᠭᠤ ᠶᠢ ᠲᠡᠳᠬᠦᠵᠠᠢ᠃ 2018 ᠤᠨ ᠳᠤ ᠮᠠᠨ ᠤ ᠭᠠᠴᠠᠭ᠎ᠠ 1 ᠶᠠᠳᠠᠭᠤ ᠬᠥᠴᠢᠷᠳᠡᠯᠳᠠᠢ ᠡᠷᠤᠬᠡ ᠪᠠᠶᠢᠭᠰᠠᠨ ᠠᠴᠠ ᠪᠠᠨ ᠡᠨᠡ ᠵᠢᠯ ᠪᠤᠯᠬᠤ ᠳᠤ ᠨᠢᠬᠡᠨᠳᠡ ᠶᠠᠳᠠᠭᠤ ᠠᠴᠠ ᠠᠩᠬᠢᠵᠢᠷᠠᠭᠰᠠᠨ ᠪᠠᠶᠢᠨ᠎ᠠ᠃ 2019 ᠤᠨ ᠳᠤ ᠪᠢᠳᠠ ᠠᠮᠢᠳᠤᠷᠠᠯ  ᠳᠤ ᠪᠠᠨ ᠵᠥᠳᠡᠬᠦᠥ 12 ᠡᠷᠤᠬᠡ ᠶᠢ ᠠᠩᠬᠠᠷᠴᠤ ᠪᠤᠢ᠃ ᠶᠠᠳᠠᠭᠤ ᠶᠢ ᠲᠡᠳᠬᠦᠬᠦ ᠠᠵᠢᠯ ᠲᠤᠮᠳᠠ ᠪᠠᠰᠠ ᠨᠠᠰᠤ ᠥᠨᠳᠤᠷ᠂ ᠦᠷ᠎ᠡ ᠬᠡᠤᠬᠡᠳ ᠥᠬᠡᠢ᠂ ᠵᠡᠮᠳᠡᠭ ᠪᠤᠶᠤ ᠲᠤᠷᠤᠢ ᠪᠠᠭᠤᠷᠠᠢ ᠵᠡᠷᠬᠡ ᠬᠥᠳᠡᠯᠮᠤᠷᠢᠯᠡᠬᠦ ᠴᠢᠳᠠᠪᠤᠷᠢ ᠥᠬᠡᠢ ᠬᠥᠮᠥᠰ ᠢ ᠠᠵᠤ ᠤᠶᠢᠯᠡᠰ ᠢᠶᠠᠷ ᠲᠡᠳᠬᠦᠬᠦ᠂ ᠪᠡᠯᠡ ᠮᠥᠡᠭᠬᠦ ᠪᠠᠷ ᠲᠡᠳᠬᠦᠬᠦ ᠳᠤ ᠵᠥᠪᠬᠡᠨ ᠲᠥᠷ ᠴᠠᠭ ᠯᠠ ᠶᠠᠳᠠᠭᠤ ᠠᠴᠠ ᠠᠩᠬᠢᠵᠢᠷᠠᠵᠥ ᠲᠡᠶᠢᠯᠤᠨ᠎ᠠ᠃ ᠡᠶᠢᠮᠥ ᠠᠴᠠ ᠡᠳᠡᠬᠡᠷ ᠬᠥᠮᠥᠰ ᠢ ᠮᠠᠨ ᠤ ᠨᠡᠶᠢᠬᠡᠮ ᠢᠶᠠᠷ ᠢᠶᠠᠨ ᠠᠩᠬᠠᠷᠴᠤ ᠬᠠᠯᠠᠮᠵᠢᠯᠠᠬᠤ ᠴᠢᠬᠤᠯᠠᠳᠠᠢ᠃ ᠶᠠᠳᠠᠭᠤ ᠶᠢ ᠲᠡᠳᠬᠦᠬᠦ ᠳᠤ ᠨᠤᠳᠤᠭ ᠪᠡᠯᠴᠢᠬᠡᠷ ᠲᠡᠭᠡᠷ᠎ᠡ ᠪᠠᠨ ᠮᠠᠯ ᠮᠠᠯᠵᠢᠪᠠᠯ ᠪᠤᠯᠬᠤ ᠡᠰᠡᠬᠦ᠂ ᠲᠠᠷᠢᠶᠠᠨ ᠭᠠᠵᠠᠷ ᠲᠠᠷᠢᠪᠠᠯ ᠪᠤᠯᠬᠤ ᠡᠰᠡᠬᠦ᠂ ᠦᠭᠡᠷ᠎ᠡ ᠺᠤᠮᠫᠠᠨᠢ᠂ ᠠᠵᠤ ᠠᠬᠤᠶᠢᠯᠠᠯ ᠳᠤ ᠠᠪᠠᠴᠢᠵᠤ ᠠᠵᠢᠯ ᠤᠯᠭᠤᠵᠥ ᠥᠭᠪᠡᠯ ᠪᠤᠯᠬᠤ ᠡᠰᠡᠬᠦ ᠵᠡᠷᠬᠡ ᠨᠥᠬᠦᠴᠡᠯ ᠢ ᠨᠢ ᠥᠨᠳᠤᠰᠤᠯᠡᠵᠥ ᠪᠤᠳᠠᠳᠤ ᠪᠠᠶᠢᠳᠠᠯ  ᠳᠤ ᠨᠢ ᠲᠤᠬᠢᠷᠠᠭᠤᠯᠤᠨ ᠶᠠᠳᠠᠭᠤ ᠶᠢ ᠲᠡᠳᠬᠦᠬᠦ ᠠᠷᠭ᠎ᠠ ᠬᠡᠮᠵᠢᠶ᠎ᠡ ᠶᠢ ᠠᠪᠤᠪᠠᠯ ᠨᠡᠩ ᠵᠤᠬᠢᠰᠳᠠᠢ ᠶᠤᠮ᠃      ︵ᠤᠷᠳᠤᠰ ᠬᠤᠳᠠ ᠶᠢᠨ ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ  ᠤᠨ ᠬᠤᠶᠠᠳᠤᠭᠠᠷ ᠤᠳᠠᠭᠠᠨ ᠤ ᠬᠤᠷᠠᠯᠳᠤᠭᠠᠨ︶
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号