| | | ᠵᠣᠣ ᠹᠧᠢ ᠯᠤ᠋᠄ 2019 ᠣᠨ ᠳᠤ ᠦᠣᠰᠢᠨ ᠬᠤᠰᠢᠭᠤ ᠪᠦᠬᠦ ᠬᠤᠳᠠ ᠶᠢᠨ ᠣᠯᠣᠰ ᠤᠨ ᠳᠠᠰ ᠤᠨ | ᠣᠳᠣ ᠦᠶ᠎ᠡ ᠶᠢᠨ ᠡᠨᠧᠷᠬᠢ ᠶᠢᠨ ᠠᠵᠣ ᠠᠬᠤᠢ ᠶᠢᠨ ᠳᠠᠭᠤᠷᠢᠶᠠᠯ ᠬᠤᠳᠠ ᠶᠢ ᠡᠬᠦᠳᠣᠨ ᠪᠠᠶᠢᠭᠤᠯᠬᠤ ᠠᠰᠢᠭᠳᠡᠢ | ᠳᠣᠬᠢᠶᠠᠯ ᠢ ᠠᠳᠬᠤᠨ ᠴᠢᠨᠡᠷ ᠰᠠᠶᠢᠳᠠᠢ᠂ ᠦᠨᠳᠣᠷ ᠦᠷ᠎ᠡ ᠠᠰᠢᠭ ᠲᠠᠢ ᠲᠦᠷᠥᠯ ᠵᠣᠶᠢᠯ ᠤᠨ ᠪᠠᠶᠢᠭᠤᠯᠣᠯᠳᠠ | ᠳᠡᠬᠡᠷ᠎ᠡ ᠬᠦᠴᠦ ᠪᠠᠨ ᠲᠦᠪᠯᠡᠷᠡᠬᠦᠯᠥᠨ ᠰᠢᠨ᠎ᠡ ᠠᠷᠭ᠎ᠠ ᠵᠠᠮ ᠢ ᠬᠠᠶᠢᠨ ᠰᠦᠪᠡᠭᠴᠢᠯᠡᠵᠣ ᠣᠳᠣ ᠦᠶ᠎ᠠ ᠶᠢᠨ ᠡᠨᠧᠷᠬᠢ | ᠶᠢᠨ ᠠᠵᠣ ᠠᠬᠤᠢ ᠶᠢ ᠰᠢᠯᠢᠳᠡᠭᠵᠢᠬᠦᠯᠥᠨ ᠬᠦᠴᠦᠷᠬᠡᠭᠵᠢᠬᠦᠯᠥᠨᠠ᠃ | ᠨᠢᠬᠡ ᠳᠤ ᠨᠡᠬᠦᠷᠠᠰᠣᠨ ᠴᠠᠪᠡᠷ ᠡᠨᠧᠷᠬᠢ ᠶᠢᠨ ᠨᠡᠬᠡᠬᠡᠯᠳᠡ ᠪᠠ ᠳᠡᠬᠡᠬᠡᠪᠣᠷᠢᠯᠡᠯᠳᠡ ᠶᠢᠨ ᠲᠦᠪᠰᠢᠨ ᠢ | ᠳᠡᠬᠡᠭᠰᠢᠯᠡᠬᠦᠯᠵᠣ ᠦᠪᠣᠷ ᠮᠣᠩᠭᠤᠯ ᠤᠨ ᠪᠠᠷᠠᠭᠤᠨ ᠬᠡᠰᠡᠭ ᠤᠨ ᠣᠷᠣᠨ ᠠᠴᠠ ᠳᠣᠮᠳᠠᠳᠣ ᠣᠷᠣᠨ ᠬᠦᠷᠬᠦ ᠪᠠᠷᠠᠭᠠᠨ | ᠬᠦᠢᠯᠬᠡᠬᠡᠨ ᠤ ᠵᠠᠮ ᠱᠤᠭᠤᠮ ᠲᠤ ᠲᠦᠰᠢᠭᠯᠡᠨ ᠨᠡᠬᠦᠷᠠᠰᠣ ᠬᠠᠳᠠᠭᠠᠯᠠᠨ ᠳᠡᠬᠡᠬᠡᠪᠣᠷᠢᠯᠡᠬᠦ ᠰᠠᠭᠤᠷᠢᠨ ᠭᠠᠵᠠᠷ ᠢ | ᠰᠢᠨᠵᠢᠯᠡᠬᠦ ᠣᠬᠠᠭᠠᠨᠴᠢ ᠪᠠᠷ ᠪᠠᠶᠢᠷᠢᠯᠠᠭᠤᠯᠣᠨ ᠦᠨᠳᠣᠷ ᠲᠦᠪᠰᠢᠨ ᠳᠤ ᠪᠦᠳᠦᠬᠡᠨ ᠪᠠᠶᠢᠭᠤᠯᠵᠣ ︽ᠣᠮᠠᠷᠠᠳᠣ ᠶᠢᠨ | ᠨᠠᠬᠦᠷᠠᠰᠣ ᠶᠢ ᠡᠮᠣᠨᠠᠰᠢ ᠳᠡᠬᠡᠬᠡᠪᠣᠷᠢᠯᠡᠬᠦ︾ ᠳᠣᠳᠣᠭᠠᠳᠣ ᠬᠠᠭᠤᠷᠠᠢ ᠶᠢᠨ ᠭᠠᠷᠠᠮ ᠢ ᠪᠠᠶᠢᠭᠤᠯᠣᠨ᠎ᠠ᠃ | ᠬᠤᠶᠡᠷ ᠲᠤ ᠨᠠᠬᠦᠷᠠᠰᠣ ᠪᠠᠷ ᠮᠧᠲ᠋ᠢᠯ ᠠᠯᠺᠥᠥᠯ᠂ ᠠᠯᠺᠧᠨ ᠣᠶᠢᠯᠡᠳᠬᠦ ᠵᠡᠷᠬᠡ ᠣᠶᠢᠯᠡᠳᠪᠣᠷᠢᠯᠡᠯ ᠤᠨ | ᠴᠢᠳᠠᠪᠬᠢ ᠳᠤ ᠰᠠᠭᠤᠷᠢᠯᠡᠨ ᠨᠢᠬᠡ ᠪᠦᠯᠥᠭ ᠠᠵᠣ ᠣᠶᠢᠯᠡᠰ ᠤᠨ ᠬᠡᠯᠬᠢᠶᠠᠵᠢᠯ ᠢᠶᠠᠷ ᠣᠷᠳᠣ᠂ ᠵᠠᠬ᠎ᠠ ᠳᠡᠯᠬᠡᠬᠦᠷ ᠤᠨ | ᠢᠷᠡᠬᠡᠳᠦᠢ ᠲᠠᠢ᠂ ᠠᠵᠣ ᠠᠬᠤᠢ ᠶᠢᠨ ᠦᠷ᠎ᠡ ᠪᠦᠳᠣᠮᠵᠢ ᠪᠠᠷ ᠰᠠᠶᠢᠨ ᠲᠦᠷᠥᠯ ᠵᠣᠶᠢᠯ ᠢ ᠲᠦᠰᠦᠪᠯᠡᠨ ᠪᠠᠶᠢᠭᠤᠯᠵᠣ | ᠬᠤᠳᠠᠯᠳᠣᠭᠠᠴᠢᠨ ᠣᠷᠢᠵᠣ ᠪᠡᠯᠡ ᠣᠷᠣᠭᠤᠯᠬᠤ ᠠᠵᠢᠯ ᠢ ᠬᠦᠴᠦ ᠪᠠᠨ ᠲᠦᠪᠯᠡᠷᠡᠬᠦᠯᠥᠨ ᠠᠳᠬᠤᠵᠣ ᠳᠡᠬᠡᠳᠣ | ᠮᠣᠯᠧᠺᠥ᠋ᠯᠳᠣ ᠰᠢᠨ᠎ᠡ ᠮᠠᠲ᠋ᠧᠷᠢᠶᠠᠯ ᠪᠠ ᠳᠣᠮᠳᠠ ᠦᠨᠳᠣᠷ ᠵᠡᠷᠬᠡ ᠶᠢᠨ ᠨᠠᠷᠢᠯᠢᠭᠵᠢᠭᠤᠯᠣᠭᠰᠠᠨ ᠬᠢᠮᠢ ᠶᠢᠨ | ᠣᠶᠢᠯᠡᠳᠬᠦᠨ ᠢ ᠶᠡᠬᠡᠪᠡᠷ ᠬᠦᠭᠵᠢᠬᠦᠯᠵᠣ ᠨᠡᠬᠦᠷᠠᠰᠣ ᠬᠢᠮᠢ ᠶᠢᠨ ᠠᠵᠣ ᠣᠶᠢᠯᠡᠳᠪᠣᠷᠢ ᠶᠢᠨ ᠠᠵᠣ ᠣᠶᠢᠯᠡᠰ ᠤᠨ | ᠦᠨᠳᠣᠷ ᠳᠠᠰᠴᠢᠯᠡᠬᠦ᠂ ᠦᠵᠦᠬᠦᠷᠴᠢᠯᠡᠬᠦ ᠬᠦᠭᠵᠢᠯᠳᠡ ᠶᠢ ᠲᠦᠯᠬᠢᠨ ᠠᠬᠢᠭᠤᠯᠣᠨ᠎ᠠ᠃ | ᠭᠤᠷᠪᠠ ᠳᠤ ︽ᠨᠠᠬᠦᠷᠠᠰᠣ ᠶᠢ ᠠᠭᠠᠷ ᠢᠶᠠᠷ ᠳᠡᠬᠡᠬᠡᠪᠣᠷᠢᠯᠡᠬᠦ︾ ᠰᠠᠳᠬᠢᠮᠵᠢ ᠶᠢ ᠦᠨᠳᠣᠰᠣᠯᠡᠨ ᠦᠪᠡᠷᠳᠡᠬᠡᠨ | ᠵᠠᠰᠠᠬᠤ ᠣᠷᠣᠨ᠂ ᠬᠤᠳᠠ ᠳᠤ ᠢᠳᠡᠪᠬᠢᠳᠡᠢ ᠬᠠᠷᠢᠭᠤ ᠮᠡᠳᠡᠬᠦᠯᠥᠨ ᠱᠠᠨᠳᠦ᠋ᠩ ᠵᠡᠷᠬᠡ ᠮᠣᠵᠢ ᠣᠷᠣᠨ ᠳᠤ ᠬᠦᠷᠬᠦ | ᠴᠠᠬᠢᠯᠭᠠᠨ ᠢ ᠭᠠᠳᠠᠭᠰᠢ ᠭᠠᠷᠭᠠᠬᠤ ᠵᠠᠮ ᠱᠤᠭᠤᠮ ᠢ ᠪᠠᠶᠢᠭᠤᠯᠵᠣ ᠶᠠᠨ ᠺᠤᠸᠠᠩ ᠪᠥᠯᠥᠭᠯᠡᠯ᠂ ᠪᠡᠬᠡᠵᠢᠩ ᠤᠨ ᠡᠨᠧᠷᠬᠢ | ᠶᠢᠨ ᠪᠦᠯᠥᠭᠯᠡᠯ᠂ ᠦᠪᠣᠷ ᠮᠣᠩᠭᠤᠯ ᠤᠨ ᠡᠨᠧᠷᠬᠢ ᠶᠢᠨ ᠴᠠᠬᠢᠯᠭᠠᠨ ᠤ ᠪᠡᠯᠡ ᠣᠷᠣᠭᠤᠯᠣᠯᠳᠠ ᠶᠢᠨ ᠪᠦᠯᠥᠭᠯᠡᠯ ᠠᠵᠣ | ᠠᠬᠤᠶᠢᠯᠡᠯ ᠢ ᠪᠠᠶᠢᠭᠤᠯᠵᠣ ᠨᠡᠭᠦᠷᠡᠰᠤᠨ ᠠᠭᠤᠷᠬᠠᠢ ᠶᠢᠨ ᠠᠮᠠᠰᠠᠷ ᠤᠨ ᠬᠠᠵᠠᠭᠤ ᠬᠠᠪᠢ ᠪᠠᠷ ᠪᠠᠶᠢᠷᠢᠯᠠᠬᠤ ᠳᠣᠮᠣ | ᠬᠡᠯᠪᠡᠷᠢ ᠶᠢᠨ ᠴᠠᠬᠢᠯᠭᠠᠨ ᠦᠢᠯᠡᠳᠪᠦᠷᠢ ᠢ ᠲᠦᠯᠥᠪᠵᠢᠬᠦᠯᠥᠨ ᠪᠠᠶᠢᠭᠤᠯᠵᠣ ᠴᠡᠪᠡᠷ ᠡᠨᠧᠷᠬᠢ ᠶᠢᠨ ᠢᠯᠴᠢ ᠶᠢᠨ | ᠴᠠᠬᠢᠯᠭᠠᠨ ᠤ ᠣᠶᠢᠯᠡᠰ ᠢ ᠬᠦᠭᠵᠢᠬᠦᠯᠵᠣ ᠨᠡᠬᠦᠷᠠᠰᠣᠨ ᠡᠬᠢ ᠪᠠᠶᠠᠯᠢᠭ ᠢ ᠳᠣᠬᠠᠢ ᠶᠢᠨ ᠭᠠᠵᠠᠷ ᠲᠤᠨᠢ ᠣᠯᠠᠷᠢᠯᠠᠭᠤᠯᠬᠤ | ᠨᠣᠷᠮ᠎ᠠ ᠶᠢ ᠣᠯᠠᠮ ᠨᠢᠬᠡ ᠠᠯᠬᠤᠮ ᠳᠡᠬᠡᠭᠰᠢᠯᠡᠬᠦᠯᠥᠨ᠎ᠠ᠃ | | |