ᠡᠭᠦᠳᠦᠯᠳᠡ ᠶᠢᠨ ᠲᠠᠷᠢᠬᠢ ᠤᠳᠤᠬᠢᠴᠢᠯᠠᠯ ᠤᠨ ᠰᠡᠳᠬᠢᠴᠡ ᠲᠠᠢ ᠮᠠᠯᠴᠢᠨ ᠴᠡᠩᠭᠡᠯ
ᠨᠡᠶᠢᠲᠡᠯᠡᠭᠰᠡᠨ ᠴᠠᠭ᠄
2019-04-01
     ᠪᠠᠷᠠᠭᠤᠨᠳᠠᠭᠤᠷ ᠢᠶᠠᠨ ᠬᠠᠶᠢᠯᠠᠰᠤ ᠬᠠᠷᠭᠠᠨ᠎ᠠ ᠪᠠᠭᠰᠢᠷᠠᠬᠰᠠᠨ ᠪᠠᠯᠠᠷ ᠮᠠᠩᠬ᠎ᠠ ᠲᠠᠢ᠂ ᠵᠡᠭᠦᠨᠳᠡᠭᠦᠷ ᠢᠶᠠᠨ ᠨᠢᠯᠬ᠎ᠠ ᠨᠤᠭᠤᠭ᠎ᠠ ᠬᠡᠪᠢᠰ ᠮᠡᠳᠦ ᠲᠡᠪᠢᠰᠦᠭᠳᠡᠭᠰᠡᠨ ᠨᠠᠷᠢᠨ ᠰᠠᠶᠢᠬᠠᠨ ᠴᠠᠶᠢᠳᠠᠮ ᠨᠤᠲᠤᠭ ᠲᠤ ᠪᠠᠶᠢᠷᠢᠰᠢᠬᠰᠠᠨ ᠬᠡᠷ ᠪᠠᠶᠢᠰᠢᠩ᠂ ᠬᠤᠷᠤᠭ᠎ᠠ ᠰᠠᠷᠠᠪᠴᠢ ᠭᠡᠵᠦ ᠬᠤᠪᠢ ᠡᠷᠦᠬᠡ ᠳᠤ ᠴᠦᠬᠡᠨ ᠪᠠᠶᠢᠳᠠᠭ ᠳᠤᠬᠢᠯᠢᠬ ᠰᠠᠶᠢᠬᠠᠨ ᠰᠠᠭᠤᠷᠢᠰᠢᠯ ᠳᠤ ᠬᠦᠷᠴᠦ ᠢᠷᠡᠯ᠎ᠡ᠃ ᠡᠨᠡ ᠠᠶᠢᠯ ᠪᠤᠯ ᠤᠷᠳᠤᠰ ᠬᠤᠳᠠ ᠶᠢᠨ ᠦᠦᠰᠢᠨ ᠬᠤᠰᠢᠭᠤᠨ ᠤ ᠰᠦᠯᠳᠡ ᠰᠤᠮᠤᠨ ᠤ ᠲᠦᠩᠼᠢ ᠭᠠᠴᠠᠭᠠᠨ ᠤ ᠮᠠᠯᠴᠢᠨ ᠴᠡᠩᠬᠡᠯ ᠤᠨ ᠬᠢ ᠠᠵᠢ᠃ ᠴᠡᠩᠭᠡᠯ ᠭᠡᠵᠦ ᠨᠠᠷᠠ ᠰᠠᠯᠬᠢᠨ ᠳᠤ ᠪᠤᠷᠤᠰᠢᠬᠰᠠᠨ ᠳᠤᠮᠳᠠ ᠶᠢᠨ ᠪᠡᠶ᠎ᠡ ᠲᠠᠢ᠂ ᠦᠬᠡ ᠶᠠᠷᠢᠶ᠎ᠠ ᠲᠠᠢ᠂ ᠯᠠᠪᠳᠠᠭᠤᠨ ᠪᠠᠶᠢᠷᠢ ᠲᠠᠢ ᠬᠦᠮᠦᠨ ᠪᠢᠯᠡ᠃      ᠴᠡᠩᠭᠡᠯ ᠮᠠᠯ ᠬᠤᠢ ᠶᠢᠨ ᠡᠪ ᠳ᠋ᠦᠢ ᠶᠢ ᠤᠯᠵᠤ᠂ ᠬᠠᠷᠠᠬᠠᠨ ᠪᠠᠭ᠎ᠠ ᠠᠴᠠ ᠪᠠᠨ ᠮᠠᠯ ᠲᠠᠢ ᠪᠠᠨ ᠨᠤᠴᠤᠯᠳᠤᠬᠰᠠᠭᠠᠷ ᠢᠷᠡᠭᠰᠡᠨ ᠨᠠᠷᠠᠨ ᠤ ᠪᠤᠷᠤ ᠮᠠᠯᠴᠢᠨ ᠶᠤᠮ᠃ ᠭᠡᠪᠡᠴᠦ ᠲᠡᠭᠦᠨ ᠳᠤ ᠪᠤᠰᠤᠳ ᠮᠠᠯᠴᠢᠳ ᠲᠤ ᠳᠤᠳᠠᠬᠳᠠᠳᠠᠬ ᠡᠭᠦᠳᠦᠯᠳᠡ ᠶᠢᠨ ᠲᠠᠷᠢᠬᠢ᠂ ᠤᠳᠤᠬᠢᠴᠢᠯᠡᠯ ᠤᠨ ᠰᠡᠳᠬᠢᠴᠡ ᠲᠠᠢ ᠪᠠᠶᠢᠳᠠᠭ᠃ ᠶᠠᠮᠠᠷ ᠨᠢᠬᠡ ᠵᠦᠢᠯ ᠢ ᠬᠢᠭᠰᠡᠨ ᠴᠦ ᠲᠡᠭᠦᠨ ᠳᠡᠭᠡᠨ ᠪᠦᠬᠦ ᠰᠡᠳᠬᠢᠯ ᠪᠦᠬᠦ ᠵᠤᠷᠢᠬ ᠢᠶᠠᠨ ᠵᠤᠷᠢᠭᠤᠯᠪᠠᠯ ᠠᠴᠢ ᠬᠠᠷᠢᠭᠤᠯᠠᠯᠳᠠ ᠯᠠᠪᠳᠠᠢ ᠤᠯᠤᠨ᠎ᠡ ᠭᠡᠳᠡᠭ ᠢ ᠴᠡᠩᠭᠡᠯ ᠤᠨ ᠦᠢᠯᠡ ᠠᠵᠢᠯᠯᠠᠭ᠎ᠠ ᠤᠯᠠᠮ ᠴᠦ ᠰᠠᠶᠢᠨ ᠬᠡᠷᠡᠴᠢᠯᠡᠯ᠎ᠡ᠃ ᠴᠡᠩᠬᠡᠯ ᠤᠨ ᠡᠪᠦᠭᠡ᠂ ᠠᠪᠤ ᠨᠢ ᠴᠦᠮ ᠨᠣᠳᠤᠭ ᠤᠰᠤᠨ ᠳᠠᠭᠠᠨ ᠨᠡᠷᠡᠳᠡᠢ ᠰᠠᠶᠢᠨ ᠮᠠᠯᠴᠢᠨ ᠤᠯᠤᠰ ᠪᠠᠶᠢᠵᠤ᠂ ᠳᠡᠳᠡᠨ ᠤ ᠨᠦᠯᠦᠬᠡ ᠶᠢ ᠪᠠᠭ᠎ᠠ ᠠᠴᠠ ᠪᠠᠨ ᠬᠦᠷᠳᠡᠭᠰᠡᠨ ᠴᠡᠩᠭᠡᠯ ᠪᠠᠰᠠ ᠴᠤ ᠮᠠᠯ ᠳᠠᠭᠠᠨ ᠰᠠᠶᠢᠨ ᠡᠷ᠎ᠡ ᠪᠠᠶᠢᠯ᠎ᠠ᠃ ︽ᠨᠠᠮ᠎ᠠ ᠶᠢ ᠪᠠᠭ᠎ᠠ ᠪᠠᠶᠢᠬᠤ ᠳᠤ ᠮᠠᠨᠠᠶᠢᠬᠢᠨ ᠮᠦᠨ ᠴᠦ ᠤᠷᠳᠤᠰ ᠨᠠᠷᠢᠨ ᠨᠤᠤᠰᠤᠳᠤ ᠬᠤᠨᠢ ᠪᠠᠨ ᠮᠠᠯᠵᠢᠵᠤ ᠪᠠᠶᠢᠬᠰᠠᠨ᠂ ᠡᠶᠢᠮᠦ ᠪᠤᠯᠬᠤᠷ ᠡᠨᠡ ᠬᠦ ᠬᠤᠨᠢᠨ ᠳᠠᠭᠠᠨ ᠪᠢ ᠤᠴᠢᠷ ᠦᠭᠡᠢ ᠶᠡᠭᠡ ᠬᠠᠶᠢᠷᠠᠳᠠᠢ︾ ᠭᠡᠵᠦ ᠴᠡᠩᠭᠡᠯ ᠶᠠᠷᠢᠨ᠎ᠠ᠃ ᠵᠠᠬ᠎ᠠ ᠳᠡᠯᠬᠡᠬᠦᠷ ᠤᠨ ᠰᠢᠬᠠᠯᠳᠠ᠂ ᠡᠯᠳᠡᠪ ᠶᠠᠩᠵᠤ ᠶᠢᠨ ᠡᠭᠦᠯᠳᠡᠷ ᠤᠬᠰᠠᠭ᠎ᠠ ᠶᠢᠨ ᠲᠦᠷᠢᠯᠳᠡ ᠠᠴᠠ ᠪᠤᠯᠵᠤ᠂ ᠨᠢᠬᠡ ᠦᠶ᠎ᠡ ᠤᠷᠳᠤᠰ ᠨᠠᠷᠢᠨ ᠨᠤᠤᠰᠤᠳᠤ ᠬᠤᠨᠢ ᠮᠠᠯᠵᠢᠬᠤ ᠡᠷᠦᠬᠡ ᠴᠦᠬᠡᠷᠡᠵᠦ᠂ ᠪᠦᠷ ᠯᠡ ᠮᠢᠬ᠎ᠠ ᠰᠠᠶᠢᠳᠠᠢ ᠳ᠋ᠦ᠋ ᠪᠦᠸᠧ ᠬᠤᠨᠢ ᠪᠤᠶᠤ ᠵᠢᠯ ᠳᠤ ᠬᠡᠳᠦᠨ ᠬᠤᠷᠠᠭ᠎ᠠ ᠳᠤᠰᠳᠠᠭ ᠤᠬᠤᠷ ᠰᠡᠭᠦᠯᠳᠦ ᠦᠯᠴᠢᠷ ᠬᠤᠨᠢ ᠮᠠᠯᠵᠢᠬᠤ ᠪᠤᠯᠤᠬᠰᠠᠨ ᠪᠠᠶᠢᠪᠠ᠃ ᠳᠡᠳᠡᠭᠡᠷ ᠡᠭᠦᠯᠳᠡᠷ ᠤᠨ ᠬᠤᠨᠢ ᠮᠠᠯᠵᠢᠬᠤ ᠨᠢ ᠳᠤᠬᠠᠢ ᠶᠢᠨ ᠦᠶ᠎ᠡ ᠳᠤ ᠠᠰᠢᠬ ᠦᠨᠳᠦᠷ ᠪᠠᠶᠢᠬᠰᠠᠨ ᠨᠢ ᠦᠨᠡᠨᠳᠡᠢ᠂ ᠭᠡᠪᠡᠴᠦ ᠤᠷᠤᠨ ᠨᠤᠳᠤᠭ ᠤᠨ ᠡᠭᠦᠯᠳᠡᠷ ᠭᠡᠵᠦ ᠳᠤᠬᠠᠢ ᠶᠢᠨ ᠪᠠᠶᠢᠭᠠᠯᠢ ᠤᠷᠴᠢᠨ ᠲᠠᠢ ᠪᠠᠨ ᠶᠠᠪ ᠴᠠᠪ ᠵᠤᠬᠢᠴᠠᠬᠰᠠᠨ ᠭᠡᠳᠡᠭ ᠢ ᠵᠠᠷᠢᠮ ᠬᠦᠮᠦᠰ ᠤᠮᠳᠤᠭᠠᠢᠢᠯᠠᠬᠰᠠᠨ ᠪᠠᠶᠢᠯ᠎ᠠ᠃     ᠦᠦᠰᠢᠨ ᠬᠤᠰᠢᠭᠤᠨ ᠳᠤ ᠲᠡᠭᠡᠷ᠎ᠡ ᠵᠠᠭᠤᠨ ᠤ ᠵᠢᠷᠠᠭᠠᠳ ᠤᠨ ᠠᠴᠠ ᠡᠬᠢᠯᠡᠨ ᠭᠠᠷ ᠬᠡᠬᠡᠯᠳᠦᠭᠦᠯᠬᠡ ᠬᠢᠵᠦ ᠪᠠᠶᠢᠬᠰᠠᠨ ᠲᠡᠤᠬᠡ ᠲᠠᠢ᠃ ᠳᠤᠬᠠᠢ ᠶᠢᠨ ᠦᠶ᠎ᠡ ᠳᠤ ᠭᠠᠷ ᠭᠡᠭᠡᠯᠳᠦᠭᠦᠯᠬᠡ ᠬᠢᠬᠦ ᠮᠡᠷᠭᠡᠵᠢᠯᠳᠡᠨ ᠴᠦ ᠤᠯᠠᠨ ᠪᠠᠶᠢᠵᠠᠢ᠃ ᠪᠠᠭ᠎ᠠ ᠠᠴᠠ ᠪᠠᠨ ᠰᠤᠨᠢᠭᠤᠴᠢ ᠰᠡᠳᠬᠢᠯ ᠲᠠᠢ ᠪᠠᠶᠢᠬᠰᠠᠨ ᠴᠡᠩᠭᠡᠯ᠂ ᠪᠤᠷᠨᠠᠢ᠂ ᠲᠤᠪᠴᠢᠨᠳᠤᠷᠵᠢ ᠵᠡᠷᠭᠡ ᠬᠦᠮᠦᠰ ᠠᠴᠠ ᠭᠠᠷ ᠬᠡᠬᠡᠯᠳᠦᠭᠦᠯᠬᠡ ᠶᠢᠨ ᠮᠡᠷᠭᠡᠵᠢᠯ ᠰᠤᠷᠴᠤ᠂ ᠶᠡᠷᠡᠭᠡᠳ ᠤᠨ ᠠᠴᠠ ᠡᠬᠢᠯᠡᠨ ᠥᠪᠡᠷ ᠲᠡᠭᠡᠨ ᠬᠢᠵᠦ ᠴᠢᠳᠠᠳᠠᠬ ᠪᠤᠯᠤᠬᠰᠠᠨ ᠪᠠᠶᠢᠪᠠ᠃ ᠤᠷᠳᠤᠰ ᠨᠠᠷᠢᠨ ᠨᠤᠤᠰᠤᠳᠤ ᠬᠤᠨᠢᠨ ᠤ ᠬᠤᠪᠢ ᠵᠠᠶᠠᠭ᠎ᠠ ᠤᠷᠢᠳ ᠡᠮᠦᠨ᠎ᠡ ᠪᠠᠶᠢᠭ᠎ᠠ ᠦᠭᠡᠢ ᠲᠦᠭᠰᠢᠭᠦᠷᠢ ᠳᠤ ᠤᠴᠠᠷᠠᠬᠰᠠᠨ ᠦᠶᠡᠰ ᠴᠡᠩᠭᠡᠯ 1996 ᠤᠨ ᠠᠴᠠ ᠡᠬᠢᠯᠡᠨ ᠬᠤᠪᠢ ᠪᠠᠷ ᠢᠶᠠᠨ ᠰᠡᠮᠡᠭᠡᠷ ᠰᠤᠳᠤᠯᠤᠨ ᠰᠢᠨᠵᠢᠯᠡᠵᠦ᠂ ᠬᠠᠮᠢᠶ᠎ᠠ ᠪᠦᠬᠦᠢ ᠮᠠᠲ᠋ᠧᠷᠢᠶᠠᠯ ᠴᠤᠬᠯᠠᠭᠤᠯᠵᠤ ᠡᠬᠢᠯᠡᠵᠡᠢ᠃ ᠲᠡᠷᠡ ᠪᠠᠷ ᠶᠠᠮᠠᠷ ᠬᠤᠨᠢ ᠢᠬᠡᠷᠡᠯᠡᠳᠡᠭ᠂ ᠶᠠᠮᠠᠷ ᠪᠠᠶᠢᠳᠠᠯ ᠳᠤᠤᠷ᠎ᠠ ᠢᠬᠡᠷᠡᠯᠡᠬᠦ ᠨᠤᠷᠮ᠎ᠠ ᠦᠨᠳᠦᠷ ᠪᠠᠶᠢᠳᠠᠬ ᠢ ᠠᠯᠵᠢᠶᠠᠯ ᠦᠭᠡᠢ ᠰᠤᠳᠤᠯᠤᠨ ᠬᠠᠶᠢᠬᠰᠠᠭᠠᠷ ᠪᠠᠶᠢᠪᠠ᠃     2011 ᠤᠨ ᠤ ᠨᠠᠮᠤᠷ᠂ 2 ᠤᠷᠳᠤᠰ ᠨᠠᠷᠢᠨ ᠨᠤᠤᠰᠤᠳᠤ ᠬᠤᠨᠢᠨ ᠳᠤ ᠤᠷᠤᠭ᠎ᠠ ᠤᠷᠤᠬᠰᠠᠨ 24 ᠴᠠᠭ ᠤᠨ ᠳᠤᠳᠤᠷ᠎ᠠ ᠳᠤᠰᠪᠤᠷᠢ 2 ᠤᠷᠳᠤᠰ ᠨᠠᠷᠢᠨ ᠨᠤᠤᠰᠤᠳᠤ ᠬᠤᠴᠠ ᠪᠠᠷ ᠬᠡᠬᠡᠯᠳᠦᠭᠦᠯᠪᠡ᠃ ᠲᠡᠷᠡ ᠪᠠᠷ ᠡᠷᠡᠮᠳᠡᠭ ᠬᠤᠷᠠᠭ᠎ᠠ ᠭᠠᠷᠬᠤ ᠠᠴᠠ ᠪᠤᠯᠭᠤᠮᠵᠢᠯᠠᠵᠤ ᠡᠨᠡ ᠬᠦ ᠤᠴᠢᠷ ᠢᠶᠠᠨ ᠬᠡᠷᠬᠡᠢ ᠨᠠᠩᠰᠠᠯᠮ᠎ᠠ ᠳᠠᠭᠠᠨ ᠴᠦ ᠬᠡᠯᠡᠭᠰᠡᠨ ᠦᠭᠡᠢ᠃ ᠬᠠᠷᠢᠨ ᠲᠦᠯᠯᠡᠬᠦ ᠦᠶ᠎ᠡ ᠪᠠᠷ ᠡᠷᠡᠭᠦᠯ ᠢᠬᠡᠷ᠎ᠡ ᠬᠤᠷᠠᠭ᠎ᠠ ᠳᠤᠰᠤᠭᠠᠳ ᠨᠢᠭᠤᠴᠠ ᠪᠠᠨ ᠰᠠᠶ᠋ᠢ ᠬᠡᠷᠬᠡᠢ ᠳᠡᠭᠡᠨ ᠴᠤᠬᠤᠢᠢᠯᠭᠠᠵᠠᠢ᠃ 2012 ᠤᠨ ᠳᠤ 3 ᠬᠤᠨᠢᠨ ᠳᠤ ᠳᠤᠷᠰᠢᠯᠳᠠ ᠬᠢᠭᠡᠳ ᠠᠮᠵᠢᠯᠳᠠ ᠤᠯᠵᠤ᠂ ᠲᠡᠭᠦᠨ ᠤ ᠵᠤᠷᠢᠬᠳᠠᠢ ᠬᠢᠭᠰᠡᠨ ᠳᠤᠷᠰᠢᠴᠡ ᠤᠯᠠᠮ ᠴᠦ ᠵᠦᠪ ᠭᠡᠳᠡᠭ ᠢᠶᠠᠨ ᠪᠠᠳᠤᠯᠠᠪᠠ᠃ ᠡᠭᠦᠨ ᠳᠤ ᠵᠤᠷᠢᠬᠳᠠᠢ ᠪᠤᠯᠤᠬᠰᠠᠨ ᠲᠡᠷᠡ ᠪᠠᠷ 2013 ᠤᠨ ᠳᠤ ᠳᠤᠰᠬᠠᠢᠢᠯᠠᠨ ᠤᠳᠤᠬ ᠬᠤᠰᠢᠭᠤᠨ ᠤ ᠤᠯᠠᠭᠠᠨᠪᠠᠯᠭᠠᠰᠤ ᠶᠢᠨ ᠪᠠᠶ᠋ᠬᠠᠤᠰᠤ ᠭᠠᠴᠠᠭᠠᠨ ᠠᠴᠠ ᠮᠢᠬ᠎ᠠ ᠰᠠᠶᠢᠳᠠᠢ ᠳ᠋ᠦ᠋ ᠪᠦᠸᠧ ᠬᠤᠨᠢ ᠪᠤᠯᠤᠨ ᠤᠬᠤᠷ ᠰᠡᠭᠦᠯᠳᠦ ᠦᠯᠴᠢᠷ ᠬᠤᠨᠢᠨ ᠤ ᠬᠤᠴᠠ ᠬᠤᠳᠠᠯᠳᠤᠨ ᠠᠪᠴᠢᠷᠠᠵᠤ᠂ 40 ᠡᠬᠡ ᠮᠠᠯ ᠢ ᠰᠤᠩᠭᠤᠨ ᠤᠷᠳᠤᠰ ᠤᠨ ᠨᠠᠷᠢᠨ ᠨᠤᠤᠰᠤᠳᠤ ᠬᠤᠴᠠ ᠪᠤᠯᠤᠨ ᠳ᠋ᠦ᠋ ᠪᠦᠸᠧ ᠬᠤᠴᠠ᠂ ᠤᠷᠳᠤᠰ ᠨᠠᠷᠢᠨ ᠨᠤᠤᠰᠤᠳᠤ ᠬᠤᠴᠠ ᠪᠤᠯᠤᠨ ᠤᠬᠤᠷ ᠰᠡᠭᠦᠯᠳᠦ ᠦᠯᠴᠢᠷ ᠬᠤᠨᠢᠨ ᠤ ᠬᠤᠴᠠ᠂ ᠬᠤᠶᠠᠷ ᠤᠷᠳᠤᠰ ᠨᠠᠷᠢᠨ ᠨᠤᠤᠰᠤᠳᠤ ᠬᠤᠴᠠ ᠪᠠᠷ ᠭᠡᠭᠡᠯᠳᠦᠭᠦᠯᠬᠡ ᠬᠢᠭᠡᠳ 33 ᠬᠤᠨᠢ ᠨᠢ ᠢᠬᠡᠷᠡᠯᠡᠵᠦ᠂ ᠤᠷᠳᠤᠰ ᠨᠠᠷᠢᠨ ᠨᠤᠤᠰᠤᠳᠤ ᠬᠤᠨᠢᠨ ᠤ ᠡᠭᠦᠯᠳᠡᠷ ᠢᠶᠠᠨ ᠬᠠᠮᠠᠭᠠᠯᠠᠬᠰᠠᠨ ᠢᠶᠠᠷ ᠪᠠᠷᠠᠬᠤ ᠦᠭᠡᠢ ᠮᠢᠬ᠎ᠠ ᠰᠠᠶᠢᠳᠠᠢ ᠬᠤᠨᠢ ᠶᠢ ᠴᠦ ᠪᠤᠶᠢᠵᠢᠭᠤᠯᠤᠬᠰᠠᠨ ᠪᠠᠶᠢᠨ᠎ᠠ᠃      ᠨᠡᠩ ᠴᠦ ᠡᠨᠡ ᠵᠢᠯ 160 ᠭᠠᠷᠤᠢ ᠤᠷᠳᠤᠰ ᠨᠠᠷᠢᠨ ᠨᠤᠤᠰᠤᠳᠤ ᠬᠤᠨᠢᠨ ᠳᠤ ᠳᠤᠷᠰᠢᠯᠳᠠ ᠬᠢᠭᠡᠳ 140 ᠬᠤᠨᠢ ᠨᠢ ᠢᠬᠡᠷᠡᠯᠡᠵᠡᠢ᠃ ︽ᠮᠠᠨ ᠤ ᠤᠷᠳᠤᠰ ᠨᠠᠷᠢᠨ ᠨᠤᠤᠰᠤᠳᠤ ᠬᠤᠨᠢ ᠭᠡᠵᠦ ᠡᠨᠡ ᠨᠤᠳᠤᠭ ᠲᠠᠭᠠᠨ ᠳᠤᠬᠢᠷᠠᠳᠠᠬ ᠪᠡᠯᠴᠢᠬᠡᠷ ᠲᠤ ᠭᠠᠮᠳᠠᠢ᠂ ᠮᠢᠬ᠎ᠠ ᠨᠤᠤᠰᠤᠨ ᠤ ᠬᠤᠤᠰ ᠬᠡᠷᠡᠭᠴᠡᠭᠡᠳᠦ ᠬᠤᠨᠢ ᠪᠠᠶᠢᠵᠤ᠂ ᠶᠤᠰᠤᠳᠠᠢ ᠬᠤᠨᠢ ᠰᠢᠬ ᠨᠤᠮᠤᠬᠠᠨ ᠬᠤᠨᠢ ᠭᠡᠵᠦ ᠡᠭᠦᠨ ᠢ ᠯᠠ ᠬᠡᠯᠡᠳᠡᠭ᠃ ᠤᠳᠤ ᠪᠤᠯᠬᠤ ᠳᠤ ᠳᠤᠷᠰᠢᠯᠳᠠ ᠪᠠᠷ ᠳᠠᠮᠵᠢᠨ ᠤᠤᠯ ᠤᠨ ᠢᠬᠡᠷᠡᠯᠡᠬᠦ ᠨᠤᠷᠮ᠎ᠠ 20% ᠳᠤ ᠬᠦᠷᠬᠦ ᠦᠭᠡᠢ ᠪᠠᠶᠢᠬᠰᠠᠨ ᠢ ᠤᠳᠤ ᠪᠤᠯᠬᠤ ᠳᠤ 80% ᠤᠷᠴᠢᠮ ᠬᠦᠷᠭᠡᠭᠰᠡᠨ᠂ ᠡᠨᠡ ᠬᠦ ᠢᠬᠡᠷᠡᠯᠡᠭᠦᠯᠬᠦ ᠮᠡᠷᠭᠡᠵᠢᠯ ᠢ ᠮᠠᠰᠢ ᠤᠯᠠᠨ ᠬᠦᠮᠦᠨ ᠤᠤᠯ ᠳᠠᠭᠠᠨ ᠢᠳᠡᠬᠡᠬᠦ ᠦᠭᠡᠢ ᠪᠠᠶᠢᠬᠰᠠᠨ︾ ᠭᠡᠵᠦ ᠴᠡᠩᠭᠡᠯ ᠮᠠᠰᠢ ᠪᠠᠶᠠᠷ ᠲᠠᠢ ᠶᠠᠷᠢᠵᠤ ᠪᠠᠶᠢᠯ᠎ᠠ᠃      ᠴᠡᠩᠭᠡᠯ ᠮᠠᠯ ᠤᠨ ᠡᠭᠦᠯᠳᠡᠷ ᠤᠬᠰᠠᠭ᠎ᠠ ᠪᠠᠨ ᠰᠠᠶᠢᠵᠢᠷᠠᠭᠤᠯᠬᠤ ᠶᠢᠨ ᠲᠠᠭᠠᠤ ᠤᠳᠤᠬᠢᠴᠢᠯᠠᠯ ᠤᠨ ᠳᠠᠯ᠎ᠠ ᠪᠠᠷ ᠴᠦ ᠪᠤᠰᠤᠳ ᠡᠷᠦᠬᠡ ᠠᠴᠠ ᠤᠷᠦ᠋ᠢᠯᠠᠵᠤ ᠶᠠᠪᠤᠨ᠎ᠠ᠃ ᠲᠡᠷᠡ ᠤᠷᠢᠳ ᠬᠤᠵᠢᠳ 100 ᠭᠠᠷᠤᠢ ᠲᠦᠮᠡᠨ ᠲᠦᠬᠦᠷᠢᠭ ᠵᠠᠷᠤᠴᠠᠭᠤᠯᠵᠤ᠂ ᠳᠤᠮᠤ ᠬᠡᠯᠪᠡᠷᠢ ᠶᠢᠨ ᠲᠠᠷᠢᠵᠤ ᠬᠠᠳᠤᠬᠤ ᠮᠠᠰᠢᠨ᠂ ᠪᠤᠷᠳᠤᠭ᠎ᠠ ᠰᠠᠴᠤᠬᠤ ᠮᠠᠰᠢᠨ᠂ ᠮᠠᠯ ᠤᠨ ᠬᠤᠬ ᠪᠠᠭᠠᠰᠤ ᠴᠡᠪᠡᠷᠯᠡᠬᠦ ᠮᠠᠰᠢᠨ᠂ ᠲᠡᠵᠢᠭᠡᠯ ᠪᠤᠷᠳᠤᠭ᠎ᠠ ᠬᠡᠮᠬᠡᠯᠤᠨ ᠨᠠᠷᠢᠯᠢᠬᠵᠢᠭᠤᠯᠵᠤ ᠲᠡᠵᠢᠬᠡᠬᠦ ᠮᠠᠰᠢᠨ ᠵᠡᠷᠭᠡ ᠤᠯᠠᠨ ᠠᠷᠪᠢᠨ ᠮᠠᠰᠢᠨ ᠮᠧᠬᠠᠨᠢᠬ ᠬᠤᠳᠠᠯᠳᠤᠨ ᠠᠪᠴᠠᠢ᠃ ᠡᠭᠦᠨ ᠢᠶᠠᠷ ᠪᠠᠷᠠᠬᠤ ᠦᠭᠡᠢ 150 ᠭᠠᠷᠤᠢ ᠮᠦ ᠡᠷᠳᠡᠨᠢ ᠰᠢᠰᠢ ᠲᠠᠷᠢᠵᠤ᠂ ᠮᠠᠯ ᠤᠨ ᠳᠡᠵᠢᠭᠡᠯ ᠪᠤᠷᠳᠤᠭ᠎ᠠ ᠪᠠᠨ ᠥᠪᠡᠷ ᠲᠡᠭᠡᠨ ᠬᠠᠩᠭᠠᠳᠠᠬ ᠪᠤᠯᠤᠬᠰᠠᠨ ᠠᠴᠠ ᠪᠠᠭ᠎ᠠ ᠪᠤᠰᠤ ᠵᠠᠷᠤᠯᠭ᠎ᠠ ᠠᠷᠪᠢᠯᠠᠵᠠᠢ᠃ ᠡᠭᠦᠨ ᠳᠤ ᠵᠠᠷᠤᠯᠭ᠎ᠠ ᠠᠷᠪᠢᠯᠠᠬᠰᠠᠨ ᠨᠢ ᠨᠢᠬᠡ ᠳᠠᠯ᠎ᠠ ᠪᠤᠯᠪᠠᠴᠤ ᠬᠠᠮᠤᠬ ᠴᠢᠬᠤᠯᠠ ᠨᠢ ᠬᠦᠳᠡᠯᠮᠦᠷᠢ ᠬᠦᠴᠦ ᠶᠡᠭᠡ ᠪᠠᠷ ᠠᠷᠪᠢᠯᠠᠪᠠ᠃ ᠬᠦᠳᠡᠭᠡ ᠨᠤᠲᠤᠭ ᠢᠶᠠᠷ ᠨᠡᠶᠢᠳᠡᠮ ᠤᠷᠤᠰᠢᠵᠤ ᠪᠠᠶᠢᠭ᠎ᠠ ᠬᠦᠳᠡᠯᠮᠦᠷᠢ ᠬᠦᠴᠦ ᠳᠤᠳᠠᠬᠳᠠᠵᠤ ᠪᠠᠶᠢᠭ᠎ᠠ ᠠᠰᠠᠭᠤᠳᠠᠯ ᠴᠡᠩᠭᠡᠯ ᠤᠨ ᠬᠢᠨ ᠳᠤ ᠴᠦ ᠠᠳᠠᠯᠢᠬᠠᠨ ᠳᠤᠯᠭᠠᠷᠠᠵᠤ ᠥᠩᠬᠡᠷᠡᠪᠡ᠃ ᠬᠦᠦ ᠨᠢ ᠶᠡᠭᠡ ᠰᠤᠷᠭᠠᠭᠤᠯᠢ ᠳᠤ ᠰᠤᠷᠤᠯᠴᠠᠳᠠᠬ ᠠᠴᠠ ᠲᠡᠷᠡ ᠬᠡᠷᠬᠡᠢ ᠲᠠᠢ ᠪᠠᠨ ᠬᠤᠶᠠᠭᠤᠯᠠ 800 ᠭᠠᠷᠤᠢ ᠬᠤᠨᠢ᠂ 50 ᠭᠠᠷᠤᠢ ᠦᠬᠡᠷ ᠢᠶᠠᠨ ᠲᠡᠵᠢᠭᠡᠵᠦ ᠳᠤᠳᠤᠮᠳᠠᠳᠠᠬ᠃ ᠡᠶᠢᠮᠦ ᠪᠤᠯᠬᠤᠷ ᠶᠠᠮᠠᠷᠴᠤ ᠠᠵᠢᠯ ᠳᠤ ᠬᠦᠮᠦᠨ ᠤ ᠬᠦᠴᠦ ᠶᠡᠭᠡ ᠪᠠᠷ ᠬᠡᠷᠡᠭᠰᠡᠳᠡᠭ᠃ ᠬᠠᠷᠢᠨ ᠮᠠᠰᠢᠨᠴᠢᠯᠠᠬᠰᠠᠨ ᠤ ᠰᠠᠶᠢᠨ ᠢᠶᠠᠷ ᠳᠡᠳᠡ ᠬᠤᠶᠠᠭᠤᠯᠠ ᠪᠠᠨ ᠳᠡᠭᠡᠳᠡᠯ᠎ᠡ ᠪᠠᠨ ᠵᠦᠳᠡᠷᠡᠬᠦ ᠪᠠᠨ ᠪᠠᠶᠢᠵᠤ᠂ ᠮᠠᠯ ᠢᠶᠠᠨ ᠮᠠᠰᠢᠨ ᠢᠶᠠᠷ ᠲᠡᠵᠢᠭᠡᠵᠦ ᠪᠤᠷᠳᠤᠨ᠂ ᠲᠠᠷᠢᠶ᠎ᠠ ᠪᠠᠨ ᠮᠠᠰᠢᠨ ᠢᠶᠠᠷ ᠳᠠᠷᠢᠵᠤ ᠬᠤᠷᠢᠶᠠᠳᠠᠬ ᠪᠤᠯᠤᠬᠰᠠᠨ ᠠᠴᠠ ᠬᠤᠶᠠᠭᠤᠯᠠᠬᠠᠨ ᠢᠶᠠᠨ ᠠᠮᠵᠢᠭᠤᠯᠵᠤ ᠴᠢᠳᠠᠬᠤ ᠪᠤᠯᠵᠠᠢ᠃ ᠫᠧᠩ ᠬᠤᠷᠤᠭᠠᠨ ᠳᠠᠭᠠᠨ ᠳᠤᠷᠠᠨᠳᠠᠭᠤᠷ ᠤᠬᠰᠠᠷᠠᠬᠰᠠᠨ ᠠᠴᠠ ᠰᠦᠨᠢ ᠲᠦᠯᠢ ᠪᠠᠷ ᠭᠠᠷᠴᠤ ᠲᠦᠯᠯᠡᠬᠦ ᠮᠠᠯ ᠢᠶᠠᠨ ᠮᠠᠨᠠᠬᠤ ᠤᠴᠢᠷ ᠦᠭᠡᠢ ᠪᠤᠯᠵᠤ ᠂ ᠬᠠᠯᠠᠭᠤᠨ ᠬᠠᠨᠵᠤᠨ ᠳᠠᠭᠠᠨ ᠰᠠᠭᠤᠵᠤ ᠬᠤᠨᠢ ᠮᠠᠯ ᠢᠶᠠᠨ ᠠᠵᠢᠵᠤ ᠲᠡᠶᠢᠯᠬᠦ ᠪᠤᠯᠤᠬᠰᠠᠨ ᠪᠠᠶᠢᠪᠠ᠃ ᠡᠭᠦᠨ ᠢᠶᠠᠷ ᠪᠠᠷᠠᠬᠤ ᠦᠭᠡᠢ ᠨᠢᠳᠤᠨᠤᠨ 12000 ᠲᠦᠬᠦᠷᠢᠭ ᠵᠠᠷᠤᠴᠠᠭᠤᠯᠵᠤ᠂ ᠵᠢᠯᠤᠭᠤᠴᠢ ᠦᠭᠡᠢ ᠨᠢᠰᠬᠡᠬᠦᠷ ᠬᠤᠳᠠᠯᠳᠤᠨ ᠠᠪᠴᠤ᠂ ᠦᠨᠳᠦᠷ ᠰᠢᠭ ᠮᠠᠩᠬᠠᠨ ᠤᠷᠤᠢ ᠲᠡᠭᠡᠷ᠎ᠡ ᠭᠠᠷᠴᠤ ᠨᠢᠰᠬᠡᠬᠦᠷ ᠢᠶᠠᠨ ᠨᠢᠰᠬᠡᠨ ᠮᠠᠯ ᠬᠤᠢ ᠪᠠᠨ ᠬᠠᠮᠢᠭᠠᠭᠤᠷ ᠪᠡᠯᠴᠢᠵᠦ ᠪᠠᠶᠢᠬᠤ ᠶᠢ ᠴᠦ ᠮᠡᠳᠡᠵᠦ ᠴᠢᠳᠠᠬᠤ ᠪᠤᠯᠤᠬᠰᠠᠨ ᠪᠠᠶᠢᠯ᠎ᠠ᠃ ᠶᠤᠰᠤᠳᠠᠢ ᠴᠦ ᠤᠳᠤᠬᠢᠴᠢᠯᠠᠬᠰᠠᠨ ᠮᠡᠷᠭᠡᠵᠢᠯ ᠴᠡᠩᠭᠡᠯ ᠤᠨ ᠬᠢᠨ ᠳᠤ ᠪᠠᠭ᠎ᠠ ᠪᠤᠰᠤ ᠦᠢᠯᠡᠳᠦᠯ ᠦᠵᠡᠭᠦᠯᠦᠭᠰᠡᠨ ᠪᠠᠶᠢᠨ᠎ᠠ᠃ ᠬᠡᠬᠦ ᠳᠡᠭᠡᠨ ᠬᠤᠨᠢᠨ ᠤ ᠨᠤᠤᠰᠤ ᠪᠠᠨ ᠠᠷᠠᠢ ᠴᠦ ᠪᠦᠬᠦᠨ ᠢ ᠮᠠᠰᠢᠨ ᠢᠶᠠᠷ ᠬᠠᠶᠢᠴᠢᠯᠠᠵᠤ ᠲᠡᠶᠢᠯᠬᠦ ᠪᠤᠯᠤᠭ᠎ᠠ ᠦᠭᠡᠢ ᠪᠠᠶᠢᠯ᠎ᠠ᠃ ᠵᠢᠯ ᠪᠦᠷᠢ ᠶᠢᠨ ᠠᠬᠠᠷ ᠤᠨ ᠴᠠᠬ ᠬᠦᠷᠴᠦ ᠢᠷᠡᠭᠦᠯᠡᠷ ᠳᠡᠳᠡᠨᠡᠶᠢᠬᠢᠨ ᠪᠦᠬᠡᠮ ᠳᠡᠪᠵᠢᠶᠡᠨ ᠪᠤᠯᠵᠤ᠂ ᠳᠠᠪᠤ ᠵᠢᠷᠭᠤᠭᠠᠨ ᠬᠤᠨᠢ ᠬᠠᠶᠢᠴᠢᠯᠠᠳᠠᠬ ᠬᠦᠮᠦᠨ 9 ᠡᠳᠦᠷ ᠬᠠᠶᠢᠴᠢᠯᠠᠨ ᠪᠠᠶᠢᠵᠤ ᠲᠦᠩᠭᠡᠵᠢ ᠬᠠᠶᠢᠴᠢᠯᠠᠨ ᠲᠠᠭᠤᠰᠬᠠᠳᠠᠬ᠃ ᠡᠨᠡ ᠵᠢᠯ ᠨᠢᠬᠡ ᠬᠤᠨᠢ ᠬᠠᠶᠢᠴᠢᠯᠠᠬᠤ ᠳᠤ ᠬᠦᠯᠦᠰᠦ ᠮᠦᠡᠭᠭᠦ 16 ᠲᠦᠭᠦᠷᠢᠭ ᠠᠪᠳᠠᠭ ᠪᠤᠯᠵᠠᠢ᠃ ᠭᠡᠪᠡᠴᠦ ᠬᠤᠨᠢᠨ ᠤ ᠨᠤᠤᠰᠤ ᠡᠨᠡ ᠵᠢᠯ ᠵᠢᠩ ᠪᠦᠷᠢ ᠳᠡᠭᠡᠨ 26 ᠲᠦᠬᠦᠷᠢᠭ ᠬᠦᠷᠴᠦ᠂ ᠬᠤᠨᠢ ᠪᠦᠷᠢ ᠲᠡᠭᠰᠢᠳᠬᠡᠭᠡᠳ ᠪᠠᠷᠤᠭ 12 ᠵᠢᠩ ᠤᠷᠴᠢᠮ ᠨᠤᠤᠰᠤ ᠪᠠᠭᠤᠳᠠᠭ ᠪᠤᠯᠬᠤᠷ ᠡᠳᠡᠨᠡᠶᠢᠬᠢᠨ ᠤ ᠠᠬᠠᠷ ᠤᠨ ᠤᠷᠤᠯᠭ᠎ᠠ ᠴᠦ 15 ᠲᠦᠮᠡᠨ ᠲᠦᠭᠦᠷᠢᠭ ᠤᠷᠴᠢᠮ ᠳᠤᠯᠳᠠᠭ᠃ ᠡᠨᠡ ᠨᠢ ᠲᠡᠭᠡᠷ᠎ᠡ ᠵᠠᠭᠤᠨ ᠤ ᠶᠡᠷᠡᠭᠡᠳ ᠤᠨ ᠤ ᠨᠢᠬᠡ ᠵᠢᠩ ᠠᠬᠠᠷ 4 ᠲᠦᠭᠦᠷᠢᠭ ᠪᠠᠶᠢᠵᠤ᠂ ᠵᠢᠯ ᠳᠡᠭᠡᠨ ᠠᠬᠠᠷ ᠬᠤᠳᠠᠯᠳᠤᠭᠠᠳ ᠬᠡᠳᠦᠨ ᠮᠢᠩᠭᠠᠨ ᠲᠦᠬᠦᠷᠢᠭ ᠤᠯᠳᠠᠭ ᠪᠠᠶᠢᠬᠰᠠᠨ ᠲᠠᠢ ᠪᠠᠨ ᠬᠠᠷᠢᠴᠠᠭᠤᠯᠪᠠᠯ ᠶᠤᠰᠤᠳᠠᠢ ᠴᠦ ᠲᠡᠭᠷᠢ ᠭᠠᠵᠠᠷ ᠤᠨ ᠵᠦᠷᠢᠶ᠎ᠡ ᠲᠠᠢ ᠪᠤᠯᠤᠭᠰᠠᠨ ᠪᠠᠶᠢᠨ᠎ᠠ᠃ ᠴᠡᠩᠬᠡᠯ ᠤᠨ ᠬᠢᠨ ᠪᠠᠰᠠ ᠬᠤᠪᠢ ᠪᠠᠷ ᠢᠶᠠᠨ 3000 ᠭᠠᠷᠤᠢ ᠮᠦ ᠪᠡᠯᠴᠢᠬᠡᠷ ᠲᠠᠢ ᠪᠠᠶᠢᠵᠤ᠂ ᠳᠠᠬᠢᠨ ᠪᠤᠰᠤᠳ ᠤᠨ 4000 ᠭᠠᠷᠤᠢ ᠮᠦ ᠪᠡᠯᠴᠢᠬᠡᠷ ᠢ ᠵᠢᠯ ᠳᠤ ᠮᠦ ᠪᠦᠷᠢ ᠶᠢ 10 ᠲᠦᠬᠦᠷᠢᠭ ᠢᠶᠠᠷ ᠲᠦᠷᠢᠶᠡᠰᠦᠯᠡᠵᠦ ᠪᠤᠢ᠃ ᠠᠬᠠᠷ ᠤᠨ ᠤᠷᠤᠯᠭ᠎ᠠ ᠠᠴᠠ ᠠᠰᠳᠠᠭᠠᠨ ᠡᠳᠡᠨᠡᠶᠢᠬᠢᠨ ᠤ ᠬᠤᠷᠠᠭᠠᠨ ᠬᠤᠴᠠ ᠪᠡᠶ᠎ᠡ ᠪᠢᠯᠳᠡᠷ ᠰᠠᠶᠢᠨ᠂ ᠡᠭᠦᠯᠳᠡᠷ ᠤᠬᠰᠠᠭ᠎ᠠ ᠰᠢᠯᠢᠳᠡᠭ ᠪᠤᠯᠬᠤᠷ ᠬᠤᠴᠠ ᠪᠦᠷᠢ 2000 ᠲᠦᠭᠦᠷᠢᠭ ᠬᠦᠷᠴᠤ᠂ ᠦᠬᠢᠨ ᠬᠤᠷᠠᠭ᠎ᠠ ᠨᠢ ᠴᠦ 800 — 900 ᠲᠦᠬᠦᠷᠢᠭ ᠬᠥᠷᠴᠥ᠂ ᠵᠢᠯ ᠤᠨ ᠪᠦᠬᠦ ᠤᠷᠤᠯᠭ᠎ᠠ 50 ᠭᠠᠷᠤᠢ ᠲᠦᠮᠡᠨ ᠲᠦᠬᠦᠷᠢᠭ ᠲᠤ ᠬᠥᠷᠳᠡᠭ ᠪᠠᠶᠢᠨ᠎ᠠ᠃        ᠤᠳᠤ ᠪᠤᠯᠬᠤ ᠳᠤ ᠴᠡᠩᠭᠡᠯ ︽ᠨᠠᠷᠢᠨᠴᠠᠶᠢᠳᠠᠮ ᠮᠠᠯᠵᠢᠯ ᠤᠨ ᠬᠤᠷᠰᠢᠶ᠎ᠠ︾ ᠪᠠᠨ ᠡᠵᠡᠩᠨᠡᠵᠦ᠂ ᠥᠪᠡᠷ ᠲᠡᠭᠡᠨ ᠮᠠᠯ ᠤᠨ ᠮᠢᠬ᠎ᠠ ᠪᠠᠨ ᠡᠵᠡᠩᠨᠡᠵᠦ ᠪᠤᠢ᠃ ᠲᠡᠭᠦᠨ ᠤ ᠰᠢᠷᠭᠠᠭᠤ ᠴᠢᠷᠮᠠᠶᠢᠯᠭ᠎ᠠ ᠪᠠᠷ ᠡᠳᠡᠨᠡᠶᠢᠬᠢᠨ ︽ᠤᠷᠳᠤᠰ ᠨᠠᠷᠢᠨ ᠨᠤᠤᠰᠤᠳᠤ ᠬᠤᠨᠢᠨ ᠤ ᠦᠨᠢᠷ ᠦᠷᠡᠵᠢᠯᠳᠦ ᠡᠷᠦᠬᠡ︾᠂ ︽ᠤᠷᠳᠤᠰ ᠨᠠᠷᠢᠨ ᠨᠤᠤᠰᠤᠳᠤ ᠬᠤᠨᠢᠨ ᠤ ᠰᠢᠨᠵᠢᠯᠡᠬᠦ ᠤᠬᠠᠭᠠᠨ ᠮᠡᠷᠬᠡᠵᠢᠯ ᠤᠨ ᠰᠢᠨ᠎ᠡ ᠡᠭᠦᠳᠦᠯᠳᠡ ᠲᠠᠢ ᠡᠷᠦᠬᠡ︾᠂ ︽ᠤᠷᠳᠤᠰ ᠨᠠᠷᠢᠨ ᠨᠤᠤᠰᠤᠳᠤ ᠡᠭᠦᠯᠳᠡᠷ ᠤᠨ ᠬᠤᠨᠢ ᠪᠤᠶᠢᠵᠢᠭᠤᠯᠤᠬᠰᠠᠨ ᠭᠤᠤᠯᠳᠠᠯᠭᠠᠳᠦ ᠡᠷᠦᠬᠡ︾᠂ ︽ᠤᠷᠳᠤᠰ ᠨᠠᠷᠢᠨ ᠨᠤᠤᠰᠤᠳᠤ ᠬᠤᠨᠢ ᠮᠠᠯᠵᠢᠬᠰᠠᠨ ᠳᠤᠮᠤ ᠡᠷᠦᠬᠡ︾ ᠵᠡᠷᠭᠡ ᠮᠠᠰᠢ ᠤᠯᠠᠨ ᠢᠷᠠᠭᠤ ᠠᠯᠳᠠᠷ ᠬᠦᠷᠳᠡᠵᠡᠢ᠃ ᠭᠡᠪᠡᠴᠦ ᠲᠡᠷᠡ ᠤᠮᠤᠬᠰᠢᠵᠤ ᠰᠠᠭᠤᠬᠰᠠᠨ ᠦᠭᠡᠢ ᠬᠠᠷᠢᠨ ᠱᠠᠨᠳᠦ᠋ᠩ ᠾᠧᠪᠧᠢ ᠪᠠᠷ ᠮᠠᠯᠵᠢᠯ ᠤᠨ ᠠᠷᠭ᠎ᠠ ᠳᠤᠷᠰᠢᠯᠭ᠎ᠠ ᠰᠤᠷᠤᠯᠴᠠᠵᠤ᠂ ᠭᠠᠨᠰᠤ ᠬᠦᠬᠡᠨᠠᠭᠤᠷ ᠢᠶᠠᠷ ᠶᠠᠪᠤᠵᠤ ᠪᠠᠶᠢᠳᠠᠯ ᠤᠢᠢᠯᠠᠭᠠᠵᠤ ᠬᠠᠷᠠᠭ᠎ᠠ ᠪᠠᠨ ᠳᠡᠯᠡᠵᠡᠢ᠃     ᠲᠡᠷᠡ ᠭᠠᠭᠴᠠ ᠯᠠ ᠮᠠᠯᠵᠢᠯ ᠤᠨ ᠠᠰᠢᠬ ᠤᠷᠤᠯᠭ᠎ᠠ ᠶᠢ ᠬᠦᠬᠡᠬᠡᠴᠡᠯᠳᠦᠭᠰᠡᠨ ᠪᠢᠰᠢ᠂ ᠬᠠᠷᠢᠨ ᠡᠷᠬᠢᠨ ᠲᠤᠭᠤᠷᠢᠨ ᠤ ᠪᠠᠯᠠᠷ ᠮᠠᠩᠬ᠎ᠠ ᠪᠠᠨ ᠲᠠᠷᠢᠵᠤ ᠤᠢᠢᠵᠢᠭᠤᠯᠤᠨ᠂ ᠮᠠᠯᠴᠢᠨ ᠬᠦᠮᠦᠨ ᠤ ᠠᠭᠤᠤ ᠤᠬᠠᠭᠠᠨ ᠢ ᠤᠯᠠᠨ ᠳᠤ ᠭᠠᠶᠢᠬᠠᠭᠤᠯᠤᠨ᠎ᠠ᠃ ︽ᠦᠷᠢ ᠭᠡᠵᠦ ᠪᠠᠶᠢᠬᠤ ᠦᠭᠡᠢ᠂ ᠵᠢᠭᠠᠬᠠᠨ ᠬᠠᠳᠠᠭᠠᠯᠠᠮᠵᠢ ᠪᠤᠢ᠃ ᠡᠶᠢᠮᠦ ᠪᠤᠯᠬᠤᠷ ᠦᠷᠢ ᠪᠦᠭᠯᠡᠬᠦ ᠶᠢᠨ ᠲᠦᠯᠦᠬᠡ ᠰᠡᠳᠬᠢᠯ ᠢᠶᠠᠨ ᠵᠦᠳᠡᠬᠡᠬᠦ ᠬᠡᠷᠡᠭ ᠦᠭᠡᠢ ᠪᠤᠯᠵᠠᠢ᠃ ᠦᠷᠢ ᠦᠭᠡᠢ ᠪᠤᠯ ᠰᠡᠳᠬᠢᠯ ᠳᠤ ᠴᠦ ᠲᠠᠭᠠᠳᠠᠢ ᠰᠢᠤ ᠁︾ ᠭᠡᠵᠦ ᠴᠡᠩᠭᠡᠯ ᠶᠠᠭᠤ ᠨᠢᠬᠡ ᠶᠢ ᠰᠡᠳᠬᠢᠨ ᠶᠠᠷᠢᠯ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号