ᠣᠶᠢᠷ᠎ᠠ ᠶᠢᠨ ᠡᠳᠦᠷ ᠰᠦᠯᠳᠡ ᠰᠤᠮᠤᠨ ᠤ ᠠᠳᠣᠭᠤᠨᠳᠣᠬᠤᠢ ᠮᠠᠯᠵᠢᠯ ᠤᠨ ᠬᠤᠷᠰᠢᠶᠠᠨ ᠤ ᠮᠠᠯᠴᠢᠨ ᠬᠠᠨ | ᠯᠢᠶᠠᠩ ᠬᠤᠨᠢ ᠮᠠᠯ ᠳᠠᠭᠠᠨ ᠶᠠᠪᠤᠵᠤ ᠪᠠᠶᠢᠭᠠᠳ ᠨᠢᠭᠡᠨ ᠰᠢᠷᠬᠠᠳᠤᠭᠰᠠᠨ ᠲᠣᠮᠤ ᠰᠢᠪᠠᠭᠤ ᠶᠢ ᠣᠯᠵᠣ ᠦᠵᠡᠭᠡᠳ | ᠲᠤᠬᠠᠢ ᠶᠢᠨ ᠭᠠᠵᠠᠷ ᠤᠨ ᠣᠢ ᠰᠢᠭᠤᠢ ᠶᠢᠨ ᠲᠤᠮᠢᠯᠠᠭᠰᠠᠨ ᠰᠠᠯᠪᠤᠷᠢ ᠳᠤ ᠬᠡᠷᠡᠭ ᠮᠡᠳᠡᠭᠦᠯᠪᠡ᠃ ᠡᠨᠡ ᠬᠦ | ᠰᠢᠷᠬᠠᠳᠤᠭᠰᠠᠨ ᠲᠣᠮᠣ ᠰᠢᠪᠠᠭᠤ ᠨᠢ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠠᠮᠢᠲᠠᠨ ᠬᠥᠬᠡ | ᠲᠣᠭᠤᠷᠤᠤ ᠭᠡᠳᠡᠭ ᠢ ᠠᠷᠠᠳ ᠤᠨ ᠴᠠᠭᠳᠠᠭ᠎ᠠ ᠢᠯᠭᠠᠨ ᠲᠣᠳᠣᠯᠠᠵᠠᠢ᠃ | ᠬᠥᠬᠡ ᠲᠣᠭᠤᠷᠤᠤ ᠨᠢ ᠶᠡᠭᠡ ᠬᠡᠯᠪᠡᠷᠢ ᠶᠢᠨ ᠣᠶᠢᠮᠣᠭᠴᠢ ᠰᠢᠪᠠᠭᠤᠨ ᠳᠤ ᠪᠠᠭᠲᠠᠵᠤ ᠬᠦᠵᠦᠭᠦᠦ᠂ ᠬᠥᠯ ᠨᠢ | ᠤᠷᠲᠤ᠂ ᠪᠡᠶ᠎ᠡ ᠶᠢᠨ ᠥᠳᠥ ᠨᠢ ᠬᠥᠬᠡ ᠪᠣᠷᠣ ᠥᠩᠭᠡ ᠲᠠᠢ᠂ ᠲᠣᠯᠣᠭᠠᠢ ᠳᠤ ᠪᠠᠨ ᠤᠯᠠᠭᠠᠨ ᠰᠠᠷ᠎ᠠ ᠲᠠᠢ᠂ | ᠨᠢᠳᠦᠨ ᠤ ᠠᠷᠦ ᠳᠤ ᠥᠷᠭᠡᠨ ᠰᠢᠭ ᠴᠠᠭᠠᠨ ᠲᠣᠯᠪᠤ ᠲᠠᠢ᠃ ᠬᠥᠯ ᠨᠢ ᠬᠠᠷ᠎ᠠ᠂ ᠶᠡᠷᠦᠳᠡᠭᠡᠨ ᠠᠭᠤᠳᠠᠮ ᠬᠡᠭᠡᠷ᠎ᠡ | ᠲᠠᠯ᠎ᠠ᠂ ᠭᠤᠣᠯ ᠤᠨ ᠲᠠᠩ ᠂ ᠨᠠᠭᠤᠷ ᠪᠥᠷᠢᠳᠦ᠂ ᠨᠠᠮᠤᠭᠲᠤ ᠲᠠᠯ᠎ᠠ ᠳᠤ ᠠᠮᠢᠳᠦᠷᠠᠳᠠᠭ᠃ ᠣᠳᠣ ᠪᠣᠯ ᠶᠠᠭ ᠰᠠᠶᠢᠬᠠᠨ | ᠰᠢᠪᠠᠭᠤᠳ ᠤᠨ ᠨᠡᠭᠦᠳᠡᠯᠯᠡᠨ ᠢᠷᠡᠬᠦ ᠴᠠᠭ ᠪᠣᠯᠬᠤᠷ ᠰᠢᠪᠠᠭᠤᠳ ᠨᠡᠭᠦᠳᠡᠯᠯᠡᠨ ᠶᠠᠪᠣᠬᠤ ᠲᠣᠮᠳᠠ ᠪᠠᠨ ᠣᠯᠠᠨ | ᠵᠦᠢᠯ ᠤᠨ ᠰᠢᠯᠲᠠᠭᠠᠨ ᠠᠴᠠ ᠪᠣᠯᠵᠤ ᠰᠢᠷᠬᠠᠳᠤᠨ ᠰᠦᠷᠦᠭ ᠠᠴᠠ ᠪᠠᠨ ᠬᠤᠴᠣᠷᠳᠠᠭ ᠪᠠᠶᠢᠨ᠎ᠠ᠃ | ᠰᠦᠯᠳᠡ ᠰᠤᠮᠤᠨ ᠤ ᠠᠮᠢ ᠠᠬᠤᠢ ᠣᠷᠴᠢᠨ ᠲᠤᠭᠤᠷᠢᠨ ᠤ ᠰᠠᠶᠢᠵᠢᠷᠠᠯᠲᠠ ᠶᠢ ᠳᠠᠭᠠᠯᠳᠤᠨ ᠰᠦᠯᠳᠡ ᠰᠤᠮᠤ | ᠪᠠᠷ ᠥᠩᠭᠡᠷᠡᠬᠦ ᠨᠡᠭᠦᠳᠡᠯ ᠤᠨ ᠰᠢᠪᠠᠭᠤᠳ ᠤᠨ ᠲᠥᠷᠥᠯ ᠵᠦᠢᠯ ᠲᠠᠰᠤᠷᠠᠯᠲᠠ ᠦᠬᠡᠢ ᠨᠡᠮᠡᠭᠳᠡᠵᠤ ᠥᠷᠭᠡᠨ ᠤᠯᠠᠨ | ᠮᠠᠯᠴᠢᠨ ᠲᠠᠷᠢᠶᠠᠴᠢᠨ ᠴᠦ ᠰᠢᠷᠬᠠᠳᠤᠭᠰᠠᠨ ᠬᠡᠭᠡᠷ᠎ᠡ ᠶᠢᠨ ᠠᠮᠢᠲᠠᠨ ᠢ ᠣᠯᠵᠤ ᠬᠠᠷᠠᠪᠠᠯ ᠲᠡᠷᠡ ᠳᠠᠷᠤᠢ ᠳᠤ ᠨᠢ ᠬᠡᠷᠡᠭ | ᠮᠡᠳᠡᠭᠦᠯᠵᠦ ᠬᠡᠭᠡᠷ᠎ᠡ ᠶᠢᠨ ᠠᠮᠢᠲᠠᠨ ᠢ ᠠᠪᠤᠷᠠᠬᠤ ᠬᠥᠳᠡᠯᠭᠡᠭᠡᠨ ᠳᠤ ᠢᠳᠡᠪᠬᠢᠲᠡᠢ ᠣᠷᠣᠯᠴᠠᠨ ᠰᠦᠯᠳᠡ ᠰᠤᠮᠤᠨ ᠤ | ᠠᠮᠢ ᠠᠬᠤᠢ ᠣᠷᠴᠢᠨ ᠲᠤᠭᠤᠷᠢᠨ ᠤ ᠰᠠᠶᠢᠵᠢᠷᠠᠯᠲᠠ ᠳᠤ ᠥᠪᠡᠷ ᠤᠨ ᠬᠡᠰᠡᠨ ᠬᠤᠪᠢ ᠨᠡᠮᠡᠷᠢ ᠪᠠᠨ ᠦᠵᠡᠬᠦᠯᠵᠤ | ᠪᠠᠶᠢᠨ᠎ᠠ᠃ |