4 ᠰᠠᠷ᠎ᠠ ᠶᠢᠨ 12 ᠤᠨ ᠡᠳᠦᠷ ᠮᠠᠨ ᠤ ᠬᠤᠰᠢᠭᠤ ᠥᠥᠰᠢᠨᠵᠤᠤ ᠪᠠᠯᠭᠠᠰᠤᠨ ᠤ ᠪᠥᠷᠢᠳᠤ ᠭᠠᠴᠠᠭᠠᠨ ᠳᠤ | ᠲᠥᠮᠡᠨ ᠭᠥᠮᠤᠨ ᠤ ᠬᠠᠮᠳᠤ ᠶᠢᠨ ᠠᠯᠪᠠᠨ ᠵᠢᠷᠤᠮ ᠤᠨ ᠮᠤᠳᠤ ᠲᠠᠷᠢᠬᠤ ᠠᠵᠢᠯᠯᠠᠭ᠎ᠠ ᠥᠷᠨᠢᠭᠦᠯᠪᠠ᠃ ᠮᠠᠯᠵᠢᠬᠤ | ᠳ᠋ᠠᠵᠠᠢ ᠦᠦᠰᠢᠨᠵᠤᠤ ᠶᠢᠨ ᠳᠠᠭᠠᠭᠤᠯᠤᠭᠴᠢ᠂ ᠪᠦᠬᠦ ᠤᠯᠤᠰ ᠤᠨ ︽3.8︾ ᠤ ᠤᠯᠠᠭᠠᠨ ᠲᠤᠭᠴᠢ᠂ ᠪᠦᠬᠦ ᠤᠯᠤᠰ | ᠤᠨ ︽5.1︾ ᠤ ᠬᠦᠳᠡᠯᠮᠦᠷᠢᠴᠢᠨ ᠤ ᠮᠧᠳᠠᠯ ᠬᠦᠷᠲᠡᠭᠴᠢ᠂ ᠳᠤᠮᠳᠠᠳᠦ ᠤᠯᠤᠰ ᠶᠢᠨ ᠡᠪ ᠬᠠᠮᠲᠦ ᠨᠠᠮ ᠤᠨ | ᠶᠢᠰᠦᠳᠦᠭᠡᠷ᠂ ᠠᠷᠪᠠᠳᠤᠭᠠᠷ᠂ ᠠᠷᠪᠠᠨ ᠨᠢᠭᠡᠳᠦᠭᠡᠷ ᠬᠤᠭᠤᠴᠠᠭᠠᠨ ᠤ ᠨᠠᠮ ᠤᠨ ᠲᠦᠪ ᠬᠤᠷᠢᠶᠠᠨ ᠤ ᠭᠡᠰᠢᠭᠦᠨ᠂ | ᠳᠦᠷᠪᠡᠳᠦᠭᠡᠷ᠂ ᠲᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠭᠡᠰᠢᠭᠦᠨ᠂ ᠦᠪᠥᠷ ᠮᠤᠩᠭᠤᠯ ᠤᠨ ᠦᠪᠡᠷᠳᠡᠭᠡᠨ ᠵᠠᠰᠬᠤ ᠤᠷᠤᠨ ᠤ ᠨᠠᠮ ᠤᠨ | ᠬᠤᠷᠢᠶᠠᠨ ᠤ ᠤᠤᠯ ᠤᠨ ᠳᠡᠳ᠋ ᠱᠦᠵᠢ ᠪᠣᠷᠣᠯᠳᠠᠢ ᠪᠤᠯᠤᠨ ᠬᠤᠰᠢᠭᠤ ᠨᠠᠮ ᠤᠨ ᠬᠤᠷᠢᠶᠠᠨ ᠤ ᠲᠡᠳ᠋ ᠱᠥᠵᠢ | ᠬᠤᠰᠢᠭᠤ ᠲᠠᠷᠤᠭ᠎ᠠ ᠵᠤᠤ ᠹᠸᠢ ᠯᠤ᠋᠂ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ | ᠶᠢᠨ ᠬᠤᠷᠢᠶᠠᠨ ᠤ ᠡᠷᠭᠢᠯᠡᠭᠴᠢ ᠪᠤᠶᠠᠠᠮᠠᠠᠳᠤᠬᠤ᠂ ᠬᠤᠰᠢᠭᠤ ᠤᠯᠤᠰ ᠲᠥᠷᠥ ᠶᠢᠨ ᠵᠥᠪᠯᠡᠭᠡᠨ ᠤ ᠲᠠᠷᠢᠭᠦᠯᠡᠭᠴᠢ ᠬᠤᠤ | ᠸᠧᠢ ᠵᠡᠷᠭᠡ ᠤᠳᠤᠷᠢᠳᠤᠯᠭ᠎ᠠ ᠵᠢᠴᠢ ᠪᠥᠭᠦ ᠬᠤᠰᠢᠭᠤᠨ ᠤ ᠡᠯ᠎ᠠ ᠨᠠᠮ ᠤᠨ ᠵᠠᠰᠠᠭ ᠤᠨ ᠠᠯᠪᠠᠨ ᠪᠠᠶᠢᠭᠤᠯᠭ᠎ᠠ᠂ ᠡᠯ᠎ᠠ | ᠰᠤᠮᠤ ᠪᠠᠯᠭᠠᠰᠤ᠂ ᠭᠠᠴᠠᠭ᠎ᠠ ᠲᠤᠰᠬᠤᠨ ᠪᠤᠯᠤᠨ ᠡᠯ᠎ᠠ ᠨᠡᠭᠡᠭᠡᠯᠳᠠ ᠶᠢᠨ ᠤᠷᠤᠨ ︵ᠭᠥᠷᠢᠶᠠᠯᠠᠩ ᠲᠤᠭᠤᠷᠢᠭ︶ ᠤ | ᠬᠠᠷᠢᠶ᠎ᠠ ᠠᠵᠤ ᠠᠬᠤᠶᠢᠯᠠᠯ ᠤᠨ ᠲᠥᠮᠡᠨ ᠤᠷᠴᠢᠮ ᠭᠥᠮᠤᠰ ᠮᠤᠳᠤ ᠲᠠᠷᠢᠬᠤ ᠠᠵᠢᠯᠯᠠᠬᠠ ᠳᠤ ᠤᠷᠤᠯᠴᠠᠪᠠ᠃ | | | | | | | ᠠᠵᠢᠯᠯᠠᠭᠠᠨ ᠤ ᠲᠤᠬᠠᠢ ᠶᠢᠨ ᠲᠠᠯᠠᠪᠠᠢ ᠲᠤᠶᠢᠯ ᠤᠨ ᠭᠥᠷ ᠭᠥᠭᠵᠢᠶᠠᠨ ᠲᠠᠢ ᠪᠠᠶᠢᠵᠤ ᠤᠯᠠᠨ ᠲᠠᠶᠠᠭᠠᠷ | ᠤᠷᠭᠢᠯᠤᠮ᠎ᠠ ᠬᠠᠯᠠᠭᠤᠨ ᠰᠠᠳᠭᠢᠯᠭᠡ ᠪᠠᠷ ᠬᠦᠷᠵᠠ ᠬᠦᠳᠡᠯᠬᠡᠨ ᠨᠦᠭᠡ ᠮᠠᠯᠲᠠᠵᠤ ᠮᠤᠳᠤ ᠲᠠᠷᠢᠬᠤ ᠶᠢᠨ ᠲᠠᠭᠠᠤ ᠮᠤᠳᠤ | ᠲᠠᠷᠢᠵᠤ ᠤᠶᠢᠵᠢᠭᠤᠯᠬᠤ᠂ ᠤᠷᠴᠢᠨ ᠲᠤᠭᠤᠷᠢᠨ ᠢ ᠭᠤᠶᠤᠵᠢᠭᠤᠯᠬᠤ᠂ ᠤᠷᠴᠢᠨ ᠠᠮᠢ ᠠᠬᠤᠢ ᠶᠢ ᠬᠠᠮᠠᠭᠠᠯᠠᠬᠤ | ᠲᠠᠯ᠎ᠠ ᠪᠠᠷ ᠪᠤᠳᠤᠯ ᠰᠨᠠᠠᠯ ᠢᠶᠠᠨ ᠰᠤᠯᠢᠯᠴᠠᠭᠰᠠᠨ ᠪᠠᠶᠢᠨ᠎ᠠ᠃ | | | | | | | ᠤᠶᠢᠯᠠᠭᠠᠭᠰᠠᠨ ᠢᠶᠠᠷ᠂ ᠮᠠᠨ ᠤ ᠬᠤᠰᠢᠭᠤᠨ ᠤ ᠬᠠᠮᠳᠤ ᠶᠢᠨ ᠠᠯᠪᠠᠨ ᠵᠢᠷᠤᠮ ᠤᠨ ᠤᠶᠢᠵᠢᠭᠤᠯᠤᠯᠳᠠ ᠨᠢ | ᠵᠢᠷᠭᠤᠭᠠᠨ ᠰᠤᠮᠤ ᠪᠠᠯᠭᠠᠰᠤ ᠪᠠ ᠨᠡᠭᠡᠭᠡᠯᠳᠠ ᠶᠢᠨ ᠤᠷᠤᠨ ︵ᠭᠥᠷᠢᠶᠠᠯᠠᠩ ᠲᠤᠭᠤᠷᠢᠭ︶ ᠳᠤ ᠮᠤᠳᠤ ᠲᠠᠷᠢᠬᠤ ᠴᠡᠭ | ᠭᠠᠷᠭᠠᠵᠤ᠂ ᠰᠤᠮᠤ ᠪᠠᠯᠭᠠᠰᠤ᠂ ᠭᠠᠴᠠᠭ᠎ᠠ ᠲᠤᠰᠬᠤᠨ ᠪᠤᠯᠤᠨ ᠬᠤᠰᠢᠭᠤ ᠰᠢᠭᠤᠳ ᠬᠠᠷᠢᠶ᠎ᠠ ᠠᠯᠪᠠᠨ ᠪᠠᠶᠢᠭᠤᠯᠭ᠎ᠠ | ᠵᠡᠷᠭᠡ ︽3 +1︾ ᠲᠠᠳᠭᠦᠨ ᠲᠠᠮᠵᠢᠭᠦ ᠪᠠᠶᠢᠭᠤᠯᠭ᠎ᠠ ᠨᠢᠭᠡᠴᠢ ᠶᠢᠨ ᠬᠢᠨ ᠵᠠᠰᠠᠮᠠᠯ ᠵᠠᠮ ᠤᠨ ᠬᠤᠶᠠᠷ ᠬᠠᠵᠠᠭᠤ ᠪᠠᠷ | ᠬᠢ ᠨᠤᠭᠤᠭᠠᠷᠠᠭᠤᠯᠤᠯᠳᠠ ᠶᠢᠨ ᠠᠵᠢᠯ ᠢ 15 ᠲᠥᠮᠡᠨ ᠮᠤ᠋ ᠶᠢ ᠨᠤᠭᠤᠭᠠᠷᠠᠭᠤᠯᠬᠤ ᠪᠠᠷ ᠲᠥᠯᠥᠪᠯᠠᠨ ᠭᠤᠤᠯᠳᠠᠭᠤ | ᠤᠳᠠ ᠮᠤᠳᠤ᠂ ᠬᠠᠶᠢᠯᠠᠰᠤᠨ ᠮᠤᠳᠤ᠂ ᠭᠥᠷᠠᠩ ᠬᠤᠩᠭᠤᠷᠴᠠᠭ ᠵᠡᠷᠭᠡ ᠶᠢᠨ ᠮᠤᠳᠤ ᠲᠠᠷᠢᠬᠤ ᠪᠤᠯᠤᠨ᠎ᠠ᠃ ᠡᠨᠡ | ᠡᠳᠤᠷ ᠤᠨ ᠮᠤᠳᠤ ᠲᠠᠷᠢᠬᠤ ᠲᠤᠬᠠᠢ ᠶᠢᠨ ᠲᠠᠯᠠᠪᠠᠢ ᠳᠤ ᠰᠤᠶᠤᠭ᠎ᠠ ᠰᠠᠭᠤᠯᠭᠠᠬᠤ᠂ ᠤᠰᠤᠯᠠᠬᠤ᠂ ᠡᠯᠡᠰᠤᠨ | ᠬᠠᠯᠬᠠᠪᠴᠢ ᠪᠤᠰᠬᠠᠤ ᠵᠡᠷᠭᠡ ᠶᠢᠨ ᠠᠵᠢᠯ ᠢ ᠵᠤᠭᠢᠰᠳᠠᠢ ᠬᠤᠪᠢᠶᠠᠷᠢᠯᠠᠵᠤ ᠲᠠᠶᠠᠭᠠᠷ ᠤᠨ ᠬᠠᠮᠳᠤ ᠶᠢᠨ ᠭᠥᠳᠡᠯᠮᠤᠷᠢ ᠪᠠᠷ | 6000 ᠮᠤ᠋ ᠤᠶᠢᠵᠢᠭᠤᠯᠵᠤ ᠮᠥᠷ ᠮᠥᠷ ᠨᠢᠯᠭ᠎ᠠ ᠰᠤᠶᠤᠭ᠎ᠠ ᠡᠯᠡᠰᠤᠨ ᠳᠤ ᠥᠨᠳᠤᠰᠤ ᠬᠠᠳᠬᠤᠭᠰᠠᠨ ᠪᠠᠶᠢᠨ᠎ᠠ᠃ | ᠡᠬᠦᠨ ᠤ ᠬᠠᠮᠲᠤ ᠪᠠᠰᠠ ᠡᠯ᠎ᠠ ᠰᠠᠯᠠᠭ᠎ᠠ ᠮᠥᠴᠢᠷ ᠥᠷᠭᠡᠨ ᠤᠯᠠᠨ ᠺᠠᠳ᠋ᠷ ᠤᠯᠠᠨ ᠲᠥᠮᠡᠨ ᠪᠤᠯᠤᠨ ᠨᠠᠶᠢᠭᠡᠮ ᠤᠨ ᠡᠯ᠎ᠠ | ᠡᠳᠡᠭᠡᠳ ᠤᠨ ᠬᠢᠨ ᠢ ᠵᠤᠭᠢᠶᠠᠨ ᠪᠠᠶᠢᠭᠤᠯᠤᠨ ︽ᠵᠤᠯ ᠵᠢᠷᠭᠠᠯᠳᠤ ᠤᠢ︾᠂ ︽ᠵᠠᠯᠠᠭᠤᠴᠤᠳ ᠤᠨ ᠤᠢ︾ ︽ᠭᠠᠵᠠᠷ | ᠤᠷᠤᠨ ᠠᠵᠤ ᠠᠬᠤᠶᠢᠯᠠᠯ ᠬᠠᠷᠢᠯᠴᠠᠨ ᠬᠠᠪᠰᠤᠷᠤᠯᠴᠠᠬᠤ ᠤᠢ︾ ᠶᠢ ᠪᠠᠶᠢᠭᠤᠯᠬᠤ ᠵᠡᠷᠭᠡ ᠠᠵᠢᠯᠯᠠᠭ᠎ᠠ ᠶᠢ | ᠥᠷᠨᠢᠭᠦᠯᠥᠭᠰᠠᠨ ᠪᠠᠶᠢᠨ᠎ᠠ᠃ |