ᠮᠠᠨ ᠤ ᠬᠤᠰᠢᠭᠤ᠂ ︽ᠭᠤᠷᠪᠠ ᠶᠢ ᠲᠦᠪᠯᠡᠷᠡᠬᠦᠯᠦᠨ᠂ ᠭᠤᠷᠪᠠ ᠶᠢ ᠤᠷᠤᠨᠵᠢᠭᠤᠯᠬᠤ︾ ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠰᠢᠨ᠎ᠡ ᠲᠠᠪᠴᠠᠩ ᠢᠶᠠᠷ ᠠᠷᠠᠳ ᠲᠤ ᠲᠦᠬᠦᠮ ᠦᠵᠡᠬᠦᠯᠬᠦ ᠦᠢᠯᠡᠴᠢᠯᠡᠭᠡ ᠶᠢ | ᠬᠦᠨᠵᠡᠬᠡᠶᠢᠷᠡᠬᠦᠯᠵᠦ ᠴᠢᠨᠠᠷ ᠰᠠᠶᠢᠳᠠᠢ ᠬᠦᠭᠵᠢᠯᠳᠡ ᠶᠢ ᠲᠦᠯᠬᠢᠨ ᠠᠬᠢᠭᠤᠯᠵᠤ ᠪᠤᠢ᠃ | ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠬᠦᠨᠵᠡᠬᠡᠶᠢᠷᠡᠯᠳᠡ ᠶᠢ ᠲᠠᠭᠠᠯᠳᠤᠨ ᠵᠠᠮ ᠬᠠᠷᠢᠯᠴᠠᠭᠠᠨ ᠤ ᠠᠵᠢᠯ | ᠲᠦᠷᠦᠯ ᠤᠨ ᠦᠢᠯᠡᠴᠢᠯᠡᠭᠡ ᠴᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠦᠪ ᠲᠤ ᠰᠠᠭᠤᠷᠢᠰᠢᠵᠠᠢ᠃ | ᠰᠠᠭᠤᠭᠠᠯᠢ ᠠᠷᠠᠳ ᠢᠷᠭᠤᠢ᠄ ︽ᠦᠥᠰᠢᠨ ᠬᠤᠰᠢᠭᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ | ᠶᠢᠨ ᠬᠠᠥᠯᠢ ᠶᠢ ᠵᠦᠷᠢᠴᠡᠭᠰᠡᠨ ᠠᠵᠢᠯ ᠢ ᠬᠦᠯᠢᠶᠡᠨ ᠰᠢᠢᠳᠪᠦᠷᠢᠯᠡᠬᠦ ᠴᠤᠩᠬᠤᠪᠴᠢ ᠵᠠᠰᠠᠭ ᠤᠨ ᠶᠠᠪᠤᠳᠠᠯ ᠤᠨ ᠲᠦᠪ | ᠲᠤ ᠨᠡᠭᠦᠵᠦ ᠢᠷᠡᠭᠰᠡᠨ ᠨᠢ ᠮᠠᠨᠤᠰ ᠲᠤ ᠲᠤᠩ ᠲᠦᠭᠦᠮ ᠪᠤᠯᠤᠭᠰᠠᠨ ᠪᠠᠶᠢᠨ᠎ᠠ᠃ ᠤᠤᠯ ᠳᠠᠭᠠᠨ ᠬᠤᠶᠠᠷ ᠭᠤᠷᠪᠠᠨ | ᠭᠠᠵᠠᠷ ᠲᠤ ᠤᠴᠢᠵᠤ ᠤᠴᠢᠷ ᠰᠢᠢᠳᠪᠦᠷᠢᠯᠡᠳᠡᠭ ᠪᠤᠯ ᠤᠳᠤ ᠨᠢᠭᠡ ᠯᠠ ᠴᠤᠩᠬᠤᠪᠴᠢ ᠳᠡᠭᠡᠷ᠎ᠡ ᠪᠦᠬᠦᠨ ᠢ | ᠪᠡᠶᠡᠯᠡᠭᠦᠯᠳᠡᠭ ᠪᠤᠯᠤᠭᠰᠠᠨ᠂ ᠡᠨᠡ ᠨᠢ ᠴᠠᠭ ᠲᠤ ᠪᠠᠰᠠ ᠠᠷᠪᠢᠲᠠᠢ︾ ᠭᠡᠵᠤ ᠶᠠᠷᠢᠵᠤ ᠪᠠᠶᠢᠯ᠎ᠠ᠃ | ᠮᠠᠨ ᠤ ᠬᠤᠰᠢᠭᠤ ᠵᠠᠰᠠᠭ ᠤᠨ ᠶᠠᠪᠤᠳᠠᠯ ᠤᠨ ᠦᠬᠡᠷᠡᠴᠢᠯᠡᠯᠳᠡ ᠶᠢ ᠬᠦᠨᠵᠡᠬᠡᠶᠢᠷᠡᠬᠦᠯᠵᠦ᠂ ᠡᠵᠡᠩᠨᠡᠯᠳᠡ | ᠬᠤᠳᠠᠯᠳᠤᠭᠠᠨ ᠤ ᠤᠷᠴᠢᠨ ᠢ ᠰᠢᠯᠢᠳᠡᠭᠵᠢᠬᠦᠯᠬᠦ ᠪᠠᠷ ᠨᠢᠭᠡ ᠯᠠ ᠴᠤᠩᠬᠤᠪᠴᠢ ᠳᠤ ᠤᠯᠠᠨ ᠲᠦᠷᠦᠯ ᠤᠨ ᠠᠵᠢᠯ ᠢ | ᠬᠦᠢᠴᠡᠳᠬᠡᠬᠦ᠂ ᠰᠠᠯᠠᠭ᠎ᠠ ᠮᠦᠴᠢᠷ ᠤᠨ ᠠᠵᠢᠯ ᠲᠦᠷᠦᠯ ᠢ ᠨᠢᠬᠡᠳᠭᠡᠬᠦ ᠵᠡᠷᠭᠡ ᠠᠷᠭ᠎ᠠ ᠪᠠᠷ ᠵᠠᠰᠠᠭ ᠤᠨ ᠶᠠᠪᠤᠳᠠᠯ ᠤᠨ | ᠦᠢᠯᠡᠴᠢᠯᠡᠬᠡᠨ ᠤ ᠲᠦᠪ ᠲᠤ 134 ᠴᠤᠩᠬᠤᠪᠴᠢ ᠲᠤᠬᠢᠷᠠᠭᠤᠯᠵᠤ ︽ᠢᠨᠲ᠋ᠧᠷ ᠰᠦᠯᠵᠢᠶ᠎ᠡ + ᠵᠠᠰᠠᠭ ᠤᠨ | ᠶᠠᠪᠤᠳᠠᠯ ᠤᠨ ᠦᠢᠯᠡᠴᠢᠯᠡᠭᠡ︾ ᠪᠠᠷ ᠵᠠᠰᠠᠭ ᠤᠨ ᠶᠠᠪᠤᠳᠠᠯ ᠤᠨ ᠦᠢᠯᠡᠴᠢᠯᠬᠡᠨ ᠤ ᠰᠢᠨ᠎ᠡ ᠬᠦᠭᠵᠢᠯᠳᠡ ᠶᠢ | ᠪᠦᠷᠢᠯᠳᠦᠬᠦᠯᠵᠦ ᠤᠯᠠᠨ ᠲᠦᠮᠡᠨ ᠳᠤ ᠲᠦᠬᠦᠮ ᠦᠵᠡᠬᠦᠯᠵᠤ ᠪᠤᠢ᠃ |