ᠮᠠᠯ ᠤᠨ ᠢᠶᠠᠨ ᠮᠦᠷ ᠲᠠᠭᠡᠷ᠎ᠠ ᠪᠤᠰᠴᠤ ᠵᠤᠨᠨᠰᠤᠨᠨᠰᠠᠨ ᠮᠠᠯᠴᠢᠨ ᠠᠵᠤ ᠠᠬᠤᠢᠢᠯᠡᠯᠳᠡᠨ — ᠪᠦᠷᠨᠢᠸᠠ
ᠨᠡᠶᠢᠲᠡᠯᠡᠭᠰᠡᠨ ᠴᠠᠭ᠄
2019-04-17
     ︽ᠮᠠᠯ ᠤᠨ ᠮᠦᠷ ᠢᠶᠠᠷ ᠲᠤᠰᠤ︾ ᠭᠡᠳᠡᠭ ᠮᠠᠯᠴᠢᠨ ᠠᠷᠡᠳ ᠤᠨ ᠬᠠᠭᠤᠴᠢ ᠦᠬᠡ ᠪᠠᠶᠢᠳᠠᠭ ᠢ ᠮᠠᠷᠭᠤᠰᠢ ᠦᠬᠡᠢ ᠦᠪᠡᠷ ᠤᠨ ᠪᠤᠳᠠᠳᠤ ᠤᠢᠢᠯᠡ ᠠᠵᠢᠯᠯᠠᠭ᠎ᠠ ᠪᠠᠷ ᠢᠶᠠᠨ ᠭᠡᠷᠡᠴᠢᠯᠡᠵᠤ᠂ ᠮᠠᠩᠬᠠᠨ ᠨᠤᠳᠤᠭ ᠤᠨ ᠢᠶᠠᠨ ᠮᠠᠯᠴᠢᠳ ᠤᠨ ᠲᠤᠮᠳᠡ ᠮᠠᠩᠯᠠᠶᠢᠯᠠᠵᠤ ᠶᠠᠪᠤᠭ᠎ᠠ ᠮᠠᠯᠴᠢᠨ ᠪᠦᠰᠡᠭᠦᠢ ᠪᠦᠷᠨᠢᠸᠠ ᠪᠤᠯ ᠲᠤᠭ ᠰᠤᠮᠤᠨ ᠤ ᠲᠤᠪᠤᠭ ᠭᠠᠴᠠᠭᠠᠨ ᠤ ᠭᠦᠬᠦᠷᠴᠢ ᠮᠠᠯᠵᠢᠯ ᠤᠨ ᠬᠤᠷᠰᠢᠶᠡᠨ ᠤ ︽ᠤᠨᠳᠤᠷᠤᠯ︾ ᠨᠡᠷᠡᠮᠵᠢᠳᠤ ᠰᠠᠭᠠᠯᠢ ᠶᠢᠨ ᠪᠦᠳᠤᠭᠡᠭᠳᠡᠭᠦᠨ ᠢ ᠤᠢᠢᠯᠡᠳᠪᠤᠷᠢᠯᠡᠨ ᠪᠤᠷᠤᠯᠠᠭᠤᠯᠬᠤ ᠺᠤᠮᠫᠠᠨᠢ ᠶᠢᠨ ᠲᠠᠭᠠᠭᠠᠮᠠᠯ ᠪᠤᠯᠤᠨ᠎ᠠ᠃      ︽ᠲᠦᠮᠡᠨ ᠠᠯᠬᠤᠮ ᠤᠨ ᠲᠦᠷᠦᠭᠦᠦ ᠠᠯᠬᠤᠮ ᠢ ᠠᠯᠬᠤᠨ᠎ᠠ︾ ᠭᠡᠳᠡᠭ ᠪᠠᠰᠠ ᠭᠦᠴᠢᠷᠳᠡᠢ ᠪᠠᠶᠢᠳᠠᠭ ᠤᠨ ᠤᠴᠢᠷ ᠲᠡᠷᠡ ᠮᠠᠨᠢ ᠠᠶᠢᠯ ᠭᠡᠷ ᠤᠨ ᠢᠶᠠᠨ ᠠᠵᠤ ᠠᠮᠢᠳᠤᠷᠠᠯ᠂ ᠠᠴᠢᠤᠷ ᠦᠷ᠎ᠠ ᠶᠢᠨ ᠢᠶᠠᠨ ᠰᠤᠶᠤᠯ ᠰᠤᠷᠭᠠᠨ ᠭᠦᠮᠦᠵᠢᠯ ᠢ ᠦᠬᠡᠳᠡ ᠲᠠᠢ ᠦᠡᠭᠭᠡ ᠲᠠᠢ ᠪᠠᠶᠢᠯᠭᠠᠬᠤ ᠶᠢᠨ ᠡᠭᠦᠳᠡᠨ ᠠᠴᠠ 1994 ᠤᠨ ᠠᠴᠠ ᠡᠬᠢᠯᠡᠨ ᠰᠠᠭᠠᠯᠢ ᠶᠢᠨ ᠦᠨᠢᠶ᠎ᠠ ᠲᠡᠵᠢᠭᠡᠵᠤ ᠡᠬᠢᠯᠡᠭᠰᠡᠨ ᠪᠠᠶᠢᠨ᠎ᠠ᠃ ᠠᠩᠬ᠎ᠠ ᠡᠭᠢᠯᠡᠬᠦ ᠦᠶ᠎ᠠ ᠳᠤ ᠬᠤᠶᠠᠷᠬᠠᠨ ᠰᠠᠭᠠᠯᠢ ᠶᠢᠨ ᠦᠨᠢᠶ᠎ᠠ ᠲᠡᠵᠢᠭᠡᠵᠤ᠂ ᠰᠥ ᠰᠠᠭᠠᠯᠢ ᠪᠠᠨ ᠲᠤᠤᠷ᠎ᠠ ᠦᠨ᠎ᠠ ᠪᠠᠷ ᠬᠤᠭᠤᠯᠠᠨ ᠭᠡᠷ᠂ ᠪᠤᠭᠤᠷᠰᠤᠭ ᠤᠨ ᠤᠢᠢᠯᠡᠳᠪᠤᠷᠢ ᠠᠶᠢᠯ ᠠᠶᠢᠮᠠᠭ ᠲᠠᠭᠠᠨ ᠭᠦᠷᠭᠡᠨ ᠠᠵᠤ ᠠᠮᠢᠳᠤᠷᠠᠯ ᠢᠶᠠᠨ ᠠᠷᠭᠠᠴᠠᠬᠤ ᠶᠢᠨ ᠲᠤᠮᠳᠠᠭᠤᠷ᠂ ︽ᠮᠠᠯ ᠤᠨ ᠮᠦᠷ ᠢᠶᠠᠷ ᠲᠤᠰᠤ︾ ᠬᠡᠳᠡᠭ ᠤᠨ ᠵᠢᠩᠭᠢᠨᠢ ᠤᠳᠬ᠎ᠠ ᠴᠢᠨᠡᠷ ᠢ ᠤᠢᠢᠯᠡᠭᠠᠵᠤ᠂ ᠰᠥ ᠰᠠᠭᠠᠯᠢ ᠶᠢᠨ ᠠᠵᠢᠯ ᠳᠤ ᠲᠤᠷ᠎ᠠ ᠪᠠᠬ᠎ᠠ ᠲᠠᠢ ᠪᠤᠯᠵᠤ᠂ ᠰᠠᠭᠠᠯᠢ ᠶᠢᠨ ᠤᠢᠢᠯᠡᠰ ᠢᠶᠠᠷ ᠠᠮᠢᠳᠤᠷᠠᠯ ᠤᠨ ᠢᠶᠠᠨ ᠭᠠᠷᠬᠤ ᠵᠠᠮ᠂ ᠪᠠᠶᠠᠵᠢᠨ ᠴᠢᠨᠡᠭᠡᠯᠢᠭᠵᠢᠬᠦ ᠵᠤᠷᠢᠯᠳᠡ ᠪᠠᠨ ᠪᠤᠯᠭᠠᠨᠨᠰᠠᠨ ᠪᠠᠶᠢᠨ᠎ᠠ᠃      ᠲᠦᠷᠤ ᠶᠢᠨ ᠪᠤᠳᠤᠯᠭ᠎ᠠ ᠶᠢᠨ ᠲᠤᠶᠠᠭᠠᠯᠠᠯ ᠢᠶᠠᠷ ᠲᠦᠮᠡᠨ ᠤ ᠮᠠᠩᠨᠠᠢ ᠲᠠᠨᠢᠢᠵᠤ᠂ ᠪᠠᠯᠴᠢᠬᠡᠷ ᠨᠤᠳᠤᠭ ᠢ ᠪᠢᠳᠡᠭᠦᠮᠵᠢᠯᠡᠵᠤ᠂ ᠡᠯᠠᠰᠤ ᠮᠠᠩᠬ᠎ᠠ ᠶᠢ ᠨᠤᠭᠤᠭᠠᠷᠠᠭᠤᠯᠤᠨ ᠠᠮᠢ ᠠᠬᠤᠢ ᠶᠢ ᠬᠠᠮᠠᠭᠠᠯᠠᠬᠤ ᠲᠦᠷᠤ ᠶᠢᠨ ᠪᠤᠳᠤᠯᠭ᠎ᠠ ᠭᠠᠷᠴᠤ᠂ ᠢᠯᠢ ᠪᠤᠯᠤᠨ ᠮᠸᠡᠭ ᠨᠸᠤ ᠺᠤᠮᠫᠠᠨᠢ ᠠᠴᠠ ᠰᠦ ᠬᠤᠷᠢᠶᠠᠬᠤ ᠦᠷᠳᠡᠭᠡ ᠪᠠᠶᠢᠭᠤᠯᠵᠤ᠂ ᠮᠠᠯᠴᠢᠳ ᠢ ᠰᠠᠭᠠᠯᠢ ᠶᠢᠨ ᠦᠨᠢᠶ ᠎ᠠ ᠲᠠᠵᠢᠭᠡᠵᠤ᠂ ᠠᠮᠢᠳᠤᠷᠠᠯ ᠢᠶᠠᠨ ᠪᠠᠶᠠᠯᠢᠨᠨᠵᠢᠭᠤᠯᠬᠤ ᠶᠢ ᠤᠷᠢᠶᠠᠯᠬᠠᠰᠠᠨ ᠨᠢ ᠴᠢᠪ ᠭᠡᠮᠡᠨ ᠪᠦᠷᠨᠢᠸᠠ ᠶᠢᠨ ᠰᠠᠨᠠᠭᠠᠨ ᠳᠤ ᠨᠠᠶᠢᠴᠠᠵᠤ 2002 ᠤᠨ ᠳᠤ 28 ᠲᠦᠮᠡᠨ ᠲᠦᠭᠦᠷᠢᠭ ᠤᠨ ᠪᠡᠯᠡ ᠵᠠᠷᠤᠴᠠᠭᠤᠯᠤᠨ 14 ᠰᠠᠭᠠᠯᠢ ᠶᠢᠨ ᠦᠨᠢᠶ᠎ᠠ ᠬᠤᠳᠠᠯᠳᠤᠨ ᠠᠪᠴᠤ ᠡᠵᠡᠨ ᠬᠤᠷᠤᠭ᠎ᠠ ᠬᠤᠰᠢᠭᠤᠨ ᠤ ᠰᠤᠪᠤᠷᠭ᠎ᠠ ᠰᠤᠮᠤᠨ ᠳᠤ ᠢᠯᠢ ᠺᠤᠮᠫᠠᠨᠢ ᠶᠢᠨ ᠪᠠᠶᠢᠭᠤᠯᠤᠨᠨᠰᠠᠨ ᠰᠥ ᠬᠤᠷᠢᠶᠠᠬᠤ ᠦᠷᠳᠡᠭᠡᠨ ᠳᠤ ᠤᠴᠢᠵᠤ᠂ ᠰᠥ ᠪᠠᠨ ᠵᠢᠩ ᠪᠦᠷᠢ ᠳᠡᠭᠡᠨ 0.6 ᠳᠦᠬᠦᠷᠢᠭ ᠢᠶᠠᠷ ᠬᠤᠳᠠᠯᠳᠤᠨ ᠰᠠᠭᠠᠯᠢ ᠶᠢᠨ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃      ᠲᠤᠬᠠᠢ ᠶᠢᠨ ᠦᠶ᠎ᠠ ᠳᠤ ᠡᠯ᠎ᠠ ᠪᠠᠩᠭᠢ ᠶᠢᠨ ᠵᠢᠭᠡᠯᠡᠯᠭᠡ ᠲᠠᠯᠪᠢᠬᠤ ᠨᠤᠷᠮ᠎ᠠ ᠪᠠᠭ᠎ᠠ ᠤᠴᠢᠷ ᠠᠴᠠ ᠶᠡᠭᠡ ᠭᠤᠤᠯᠳᠠᠭᠤ ᠦᠨᠳᠤᠷ ᠬᠦᠤ ᠲᠠᠢ ᠵᠢᠭᠡᠯᠡᠯᠭᠡ ᠳᠤ ᠲᠦᠰᠢᠭᠰᠡᠨ ᠪᠤᠯᠬᠤᠷ ᠠᠵᠤ ᠠᠬᠤᠢ ᠶᠢᠨ ᠡᠷᠬᠢᠯᠳᠡ ᠨᠢ ᠲᠤᠩ ᠪᠠᠷᠤᠨᠨᠳᠡᠢ ᠪᠠᠶᠢᠪᠠ᠃ ᠭᠡᠪᠡᠴᠤ ᠰᠤᠪᠤᠷᠭ᠎ᠠ ᠰᠥ ᠬᠤᠷᠢᠶᠠᠬᠤ ᠦᠷᠳᠡᠭᠡᠨ ᠳᠤ ᠭᠤᠷᠪᠡᠨ ᠵᠢᠯ ᠪᠤᠯᠵᠤ᠂ ᠠᠵᠢᠯ ᠤᠢᠢᠯᠡᠰ ᠵᠠᠮ ᠳᠠᠭᠠᠨ ᠤᠷᠤᠬᠤ ᠶᠢᠨ ᠦᠶ᠎ᠠ ᠳᠤ ᠰᠠᠨᠠᠭᠠᠨ ᠠᠴᠠ ᠭᠠᠳᠡᠭᠤᠷ ᠰᠥ ᠬᠤᠷᠢᠶᠠᠬᠤ ᠦᠷᠳᠡᠭᠡ ᠨᠢ ᠰᠥ ᠬᠤᠷᠢᠶᠠᠬᠤ ᠪᠠᠨ ᠵᠤᠨᠨᠰᠤᠵᠤ᠂ ᠰᠠᠭᠠᠯᠢᠴᠢᠳ ᠲᠤ ᠰᠠᠨᠠᠭᠠᠨ ᠠᠴᠠ ᠭᠠᠳᠡᠭᠤᠷ ᠠᠵᠤ ᠠᠬᠤᠢ ᠶᠢᠨ ᠲᠠᠷᠤᠯᠳᠡ ᠲᠤᠯᠭᠠᠷᠬᠠᠰᠠᠨ ᠪᠠᠶᠢᠨ᠎ᠠ᠃ ᠢᠡᠭᠭᠢᠬᠡᠳ ᠰᠠᠭᠠᠯᠢᠴᠢᠨ ᠪᠦᠰᠡᠭᠦᠢ ᠪᠦᠷᠨᠢᠸᠠ ᠮᠠᠨᠢ ᠦᠷᠭᠦᠯᠵᠢᠯᠡᠨ ᠭᠠᠷᠬᠤ ᠵᠠᠮ ᠡᠷᠢᠯᠬᠢᠯᠡᠭᠦ ᠴᠢᠬᠤᠯᠡ ᠲᠠᠢ ᠪᠤᠯᠵᠤ᠂ 2006 ᠤᠨ ᠳᠤ ᠠᠷᠭ᠎ᠠ ᠪᠤᠰᠤ ᠭᠤᠷᠪᠡᠨ ᠵᠢᠯ ᠤᠨ ᠲᠤᠷᠰᠢ ᠤᠢᠢᠯᠡ ᠪᠠᠨ ᠦᠵᠡᠵᠤ᠂ ᠦᠰᠤ ᠪᠠᠨ ᠲᠡᠭᠦᠵᠦ ᠪᠠᠶᠢᠭᠠᠳ ᠦᠰᠭᠡᠭᠰᠡᠨ 32 ᠦᠨᠢᠶ᠎ᠠ ᠪᠠᠨ ᠠᠪᠴᠤ ᠡᠵᠡᠨ ᠬᠤᠷᠤᠭ᠎ᠠ ᠬᠤᠰᠢᠭᠤᠨ ᠤ ᠲᠤᠶᠢᠭ ᠰᠤᠮᠤᠨ ᠤ ᠴᠠᠭᠠᠨᠨᠠᠭᠤᠷ ᠰᠥ ᠬᠤᠷᠢᠶᠠᠬᠤ ᠦᠷᠳᠡᠭᠡᠨ ᠳᠤ ᠢᠷᠡᠵᠤ ᠠᠵᠢᠯ ᠢᠶᠠᠨ ᠦᠷᠭᠦᠯᠵᠢᠯᠡᠭᠦᠯᠵᠡᠢ᠃ ᠡᠨᠡ ᠭᠦ ᠰᠥ ᠬᠤᠷᠢᠶᠠᠬᠤ ᠦᠷᠳᠡᠭᠡᠨ ᠳᠤ ᠢᠷᠡᠭᠰᠡᠨ ᠤ ᠲᠠᠷᠠᠭ᠎ᠠ ᠠᠩᠬᠠᠨ ᠳᠠᠭᠠᠨ ᠰᠥ ᠶᠢᠨ ᠪᠤᠷᠤᠯᠠᠭᠤᠯᠭ᠎ᠠ ᠨᠡᠯᠢᠶᠡᠳ ᠰᠠᠶᠢᠨ ᠪᠠᠶᠢᠵᠤ᠂ ᠰᠥ ᠵᠢᠩ ᠪᠦᠷᠢ ᠳᠡᠭᠡᠨ 1 ᠲᠦᠭᠦᠷᠢᠭ ᠪᠤᠯᠤᠨᠨᠰᠠᠨ ᠠᠴᠠ ᠠᠵᠤ ᠠᠬᠤᠢ ᠶᠢᠨ ᠡᠷᠬᠢᠯᠳᠡ ᠨᠢ ᠴᠤ ᠰᠠᠶᠢᠨ᠂ ᠮᠠᠯ ᠨᠢ ᠴᠤ ᠦᠨᠢᠷ ᠦᠰᠴᠤ᠂ ᠰᠠᠭᠠᠯᠢ ᠶᠢᠨ ᠦᠨᠢᠶ ᠎ᠠ ᠨᠢ ᠦᠰᠤᠭᠡᠳ 90 ᠲᠤᠯᠤᠭᠠᠢ ᠳᠤ ᠬᠦᠷᠪᠡ᠃ ᠭᠡᠪᠡᠴᠤ ︽ᠭᠠᠢ ᠭᠠᠵᠡᠷ ᠲᠤᠤᠷ᠎ᠠ ᠠᠴᠠ᠂ ᠭᠠᠭ᠋ᠠᠢ ᠮᠤᠳᠤᠨ ᠲᠤᠤᠷ᠎ᠠ ᠠᠴᠠ︾ ᠬᠡᠳᠡᠭᠴᠢᠯᠡᠡ ᠰᠥ ᠬᠤᠷᠢᠶᠠᠬᠤ ᠦᠷᠳᠡᠭᠡ ᠨᠢ ᠪᠠᠰᠠ ᠯᠠ ᠲᠠᠮᠪᠠᠷᠠᠬᠤ ᠲᠠᠶᠢᠰᠢ ᠪᠠᠨ ᠬᠠᠨᠳᠤᠵᠤ ᠰᠥ ᠬᠤᠷᠢᠶᠠᠬᠤ ᠪᠠᠨ ᠵᠤᠨᠨᠰᠤᠨᠨᠰᠡᠨ ᠨᠢ ᠪᠦᠷᠨᠢᠸᠠ ᠳᠤ ᠮᠤᠨᠳᠠᠭ ᠶᠡᠭᠡ ᠠᠵᠤ ᠠᠬᠤᠢ ᠶᠢᠨ ᠬᠤᠭᠢᠷᠡᠯ ᠠᠪᠴᠢᠷᠠᠬᠤ ᠨᠢ ᠲᠠᠮᠵᠢᠭ ᠦᠬᠡᠢ ᠪᠤᠯᠵᠡᠢ᠃      ᠦᠪᠡᠷᠳᠡᠭᠡᠨ ᠶᠠᠮᠡᠷ ᠴᠤ ᠲᠤᠨᠤᠭ ᠲᠦᠬᠦᠬᠡᠷᠤᠮᠵᠢ ᠦᠬᠡᠢ ᠮᠠᠯᠴᠢᠨ ᠠᠶᠢᠯ ᠤᠨ ᠬᠤᠪᠢ ᠳᠤ ᠠᠪᠴᠤ ᠬᠡᠯᠡᠪᠡᠯ 90 ᠲᠤᠯᠤᠭᠠᠢ ᠰᠠᠭᠠᠯᠢ ᠶᠢᠨ ᠦᠨᠢᠶ᠎ᠠ ᠰᠠᠭᠠᠨ᠎ᠠ ᠭᠡᠳᠡᠭ ᠴᠢᠨᠢ ᠲᠡᠭᠷᠢ ᠳᠤ ᠭᠠᠷᠬᠤ ᠠᠴᠠ ᠪᠡᠷᠭᠡ ᠪᠤᠯᠵᠤ᠂ ᠰᠥ ᠪᠠᠨ ᠪᠤᠰᠤᠳ ᠲᠤ ᠦᠨ᠎ᠠ ᠲᠥᠯᠤᠪᠤᠷᠢ ᠦᠬᠡᠢ ᠪᠠᠷ ᠬᠦᠷᠭᠡᠨ ᠦᠭᠴᠤ᠂ ᠰᠡᠭᠦᠯ ᠳᠤ ᠦᠨᠢᠶᠡᠨ ᠤ ᠪᠠᠨ ᠲᠠᠵᠢᠬᠡᠯ ᠪᠤᠷᠳᠤᠭ᠎ᠠ ᠶᠢ ᠴᠤ ᠬᠠᠨᠭ᠍ᠭᠠᠵᠤ ᠲᠡᠶᠢᠯᠬᠦ ᠪᠠᠨ ᠪᠤᠯᠢᠵᠤ ᠠᠷᠭ᠎ᠠ ᠪᠤᠰᠤ ᠦᠨᠢᠶ᠎ᠠ ᠪᠠᠨ ᠬᠤᠳᠠᠯᠳᠤᠨ ᠲᠤᠭ᠎ᠠ ᠲᠤᠯᠤᠭᠠᠢ ᠶᠢ ᠦᠪᠡᠷ ᠤᠨ ᠲᠡᠵᠢᠭᠡᠵᠤ ᠲᠠᠶᠢᠯᠬᠦ ᠬᠡᠮᠵᠢᠶᠡᠨ ᠳᠤ ᠬᠢᠵᠠᠭᠠᠷᠯᠠᠵᠠᠢ᠃ ᠡᠨᠡ ᠦᠶ᠎ᠠ ᠳᠤ ᠨᠢᠬᠡᠨᠳᠡ ᠨᠡᠶᠢᠭᠡᠮ ᠨᠡᠶᠢᠳᠡ ᠪᠠᠷ ᠢᠶᠠᠨ ᠦᠨᠢᠶ᠎ᠠ ᠲᠠᠵᠢᠭᠡᠬᠦ ᠠᠵᠢᠯ ᠢᠶᠠᠨ ᠬᠠᠶᠠᠵᠤ᠂ ᠪᠤᠰᠤᠳ ᠠᠵᠤ ᠠᠬᠤᠢᠢᠯᠡᠯ ᠲᠠᠶᠢᠰᠢ ᠰᠢᠯᠵᠢᠬᠦ ᠪᠤᠯᠪᠠ ᠃ ᠰᠠᠭᠠᠯᠢ ᠶᠢᠨ ᠦᠨᠢᠶ᠎ᠠ ᠴᠤ ᠦᠨ᠎ᠠ ᠪᠠᠭᠤᠷᠠᠭᠠᠳ 5000 ᠲᠦᠭᠦᠷᠢᠭ ᠤᠨ ᠨᠠᠭᠠᠭᠤᠷ ᠴᠠᠭᠠᠭᠤᠷ ᠪᠤᠯᠵᠡᠢ᠃ ᠡᠨᠡ ᠭᠦ ᠠᠵᠤ ᠠᠬᠤᠢ ᠶᠢᠨ ᠬᠤᠬᠢᠷᠠᠯ ᠨᠢ ᠲᠡᠭᠦᠨ ᠳᠤ ᠮᠠᠰᠢ ᠶᠡᠭᠡ ᠰᠠᠳᠬᠢᠯ ᠰᠠᠨᠭᠠᠨ ᠤ ᠲᠠᠷᠤᠭᠠᠰᠤ ᠪᠤᠯᠤᠨᠨᠰᠠᠨ ᠪᠤᠯᠪᠠᠴᠤ ᠲᠡᠷᠡ ᠵᠤᠷᠢᠭ ᠮᠤᠬᠤᠨᠨᠰᠠᠨ ᠦᠬᠡᠢ᠃ ᠬᠠᠷᠢᠨ ᠤᠯᠠᠮ ᠢᠯᠡᠭᠦᠤ ᠵᠤᠷᠢᠭ ᠰᠢᠭᠤᠳᠴᠤ ᠦᠨᠳᠤᠰᠤᠳᠡᠨ ᠤ ᠪᠠᠨ ᠦᠪ ᠰᠤᠶᠤᠯ ᠢ ᠦᠪᠯᠡᠨ ᠵᠠᠯᠭᠠᠮᠵᠢᠯᠠᠵᠤ᠂ ᠴᠠᠭᠠᠨ ᠢᠳᠡᠭᠡᠨ ᠤ ᠪᠠᠨ ᠲᠤᠬᠠᠢ ᠨᠡᠶᠢᠬᠡᠮ ᠨᠡᠶᠢᠳᠡ ᠴᠢᠨ᠋ᠬᠠᠰᠢᠯᠡᠪᠡᠯ ᠲᠡᠯᠡᠬᠡᠢ ᠳ᠋ᠠᠬᠢᠨ ᠳᠤ ᠲᠠᠭᠤᠷᠢᠰᠤᠭᠤᠯᠬᠤ ᠶᠢ ᠪᠤᠳᠤᠯᠬᠢᠯᠡᠵᠤ ᠡᠬᠢᠯᠡᠭᠰᠡᠨ ᠪᠠᠶᠢᠨ᠎ᠠ᠃      ᠲᠡᠷᠨ ᠰᠥ ᠴᠠᠭᠠᠨ ᠢᠳᠡᠭᠡᠨ ᠤ ᠪᠠᠨ ᠪᠦᠳᠤᠭᠡᠭᠳᠡᠭᠦᠨ ᠢ ᠵᠠᠬ᠎ᠠ ᠲᠡᠯᠭᠡᠭᠦᠷ ᠲᠤ ᠭᠠᠷᠭᠠᠬᠤ ᠵᠠᠮ ᠮᠦᠷ ᠢ ᠬᠠᠶᠢᠨ ᠰᠢᠨᠵᠢᠯᠡᠵᠤ᠂ ᠨᠤᠳᠤᠭ ᠲᠠᠭᠠᠨ ᠤᠢᠢᠯᠡᠰ ᠪᠤᠰᠬᠠᠨ ᠰᠥ ᠴᠠᠭᠠᠨ ᠢᠳᠡᠭᠡᠨ ᠢᠶᠠᠨ ᠪᠤᠯᠪᠠᠰᠤᠷᠠᠭᠤᠯᠤᠨ ᠵᠠᠬ᠎ᠠ ᠲᠡᠯᠭᠡᠭᠦᠷ ᠲᠤ ᠭᠠᠷᠭᠠᠬᠤ ᠶᠢᠨ ᠲᠦᠯᠤᠭᠡ ᠭᠦᠳᠡᠭᠡ ᠭᠡᠷ ᠲᠡᠭᠡᠨ ᠪᠤᠴᠠᠨ ᠢᠷᠡᠵᠤ ᠬᠦᠭᠦᠷᠴᠢ ᠮᠠᠯᠵᠢᠯ ᠤᠨ ᠬᠤᠷᠰᠢᠶᠡᠨ ᠤ ︽ᠤᠨᠳᠤᠷᠤᠯ︾ ᠨᠡᠷᠡᠮᠵᠢᠳᠤ ᠰᠠᠭᠠᠯᠢ ᠶᠢᠨ ᠺᠤᠮᠫᠠᠨᠢ ᠪᠠᠨ ᠪᠠᠶᠢᠭᠤᠯᠬᠤ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃ 2009 ᠤᠨ ᠠᠴᠠ ᠡᠬᠢᠯᠡᠨ ᠰᠠᠭᠠᠯᠢ ᠶᠢᠨ ᠦᠨᠢᠶᠡᠨ ᠤ ᠲᠡᠵᠢᠭᠡᠪᠤᠷᠢ ᠶᠢᠨ ᠤᠢᠢᠯᠡᠰ ᠢᠶᠠᠨ ᠡᠷᠬᠢᠯᠡᠨ ᠺᠤᠮᠫᠠᠨᠢ ᠪᠠᠨ ᠪᠠᠶᠢᠭᠤᠯᠬᠤ ᠪᠠᠷ ᠲᠦᠰᠤᠪᠯᠡᠭᠰᠡᠨ ᠪᠤᠯᠪᠠᠴᠤ ︽ᠤᠷᠤ ᠦᠬᠡᠢ ᠭᠠᠵᠡᠷ ᠤᠪᠤᠭ᠎ᠠ ᠪᠤᠰᠬᠠᠨ᠎ᠠ︾ ᠭᠡᠳᠡᠭ ᠴᠢᠨᠢ ᠲᠡᠷᠡ ᠬᠤᠯᠡ ᠲᠡᠭᠷᠢ ᠤᠢᠢᠷ ᠎ᠠ ᠪᠠᠶᠢᠪᠠ᠃ ᠬᠠᠮᠤᠭ ᠨᠠᠭᠠᠳᠤ ᠵᠠᠬ᠎ᠠ ᠳᠠᠭᠠᠨ ᠦᠨᠢᠶ ᠎ᠠ ᠰᠠᠭᠠᠬᠤ ᠮᠠᠰᠢᠨ ᠬᠡᠷᠡᠭᠯᠡᠭᠦ ᠳᠤ ᠴᠠᠬᠢᠯᠭᠠᠨ ᠭᠦᠴᠤ ᠭᠦᠷᠤᠯᠴᠡᠭᠦ ᠦᠬᠡᠢ᠂ ᠰᠠᠭᠠᠯᠢ ᠪᠠᠨ ᠪᠤᠷᠤᠯᠠᠭᠤᠯᠬᠤ ᠪᠠᠷ ᠭᠠᠳ᠋ᠬᠠᠰᠢ ᠭᠠᠷᠬᠤ ᠳᠤ ᠵᠠᠮ ᠪᠠᠰᠠ ᠪᠠᠶᠢᠬᠤ ᠦᠬᠡᠢ᠃ ᠢᠡᠭᠭᠢᠭᠡᠳ ᠶᠠᠭᠤᠨ ᠤ ᠤᠷᠢᠳ ᠴᠠᠬᠢᠯᠭᠠᠨ ᠪᠤᠯᠤᠨ ᠵᠠᠮ ᠬᠠᠷᠢᠯᠴᠠᠭ᠎ᠠ ᠪᠠᠨ ᠪᠦᠷᠢᠯᠳᠤᠬᠦᠯᠵᠤ ᠠᠪᠤᠨᠨᠰᠠᠨ ᠰᠠᠭᠤᠷᠢᠨ ᠲᠡᠭᠡᠷ᠎ᠠ ᠲᠠᠵᠢᠬᠡᠯ ᠪᠤᠷᠳᠤᠭᠠᠨ ᠤ ᠰᠠᠭᠤᠷᠢᠨ ᠭᠠᠵᠡᠷ᠂ ᠰᠥ ᠰᠠᠭᠠᠯᠢ ᠳᠤ ᠬᠡᠷᠡᠭᠯᠡᠬᠦ ᠮᠠᠰᠢᠨ ᠲᠦᠭᠦᠭᠡᠷᠤᠮᠵᠢ ᠪᠡᠯᠡᠳᠭᠡᠭᠦ ᠴᠢᠬᠤᠯᠡ ᠲᠠᠢ ᠪᠤᠯᠤᠨᠨᠰᠠᠨ ᠪᠠᠶᠢᠨ᠎ᠠ᠃ ᠡᠳᠡᠭᠡᠷ ᠢ ᠪᠦᠷᠢᠯᠳᠤᠭᠦᠯᠬᠦ ᠳᠤ ᠮᠠᠰᠢ ᠠᠷᠪᠢᠨ ᠪᠡᠯᠡ ᠮᠦᠡᠭᠭᠦ ᠵᠠᠷᠤᠴᠠᠭᠤᠯᠬᠤ ᠴᠢᠬᠤᠯᠡ ᠲᠠᠢ ᠪᠤᠯᠪᠠ᠃ ᠶᠠᠭ ᠡᠨᠡ ᠦᠶ᠎ᠠ ᠳᠤ ᠤᠯᠤᠰ ᠲᠠᠶᠠᠭᠠᠷ ᠲᠤ ᠠᠵᠤ ᠠᠬᠤᠢ ᠶᠢᠨ ᠬᠢᠮᠤᠷᠡᠯ ᠡᠭᠦᠰᠴᠤ᠂ ᠠᠯᠢᠪᠠ ᠪᠦᠬᠦᠨ ᠪᠠᠨ᠎ᠠ ᠪᠠᠨ ᠠᠯᠳᠡᠵᠤ᠂ ᠶᠡᠭᠡ ᠬᠡᠮᠵᠢᠶᠡᠨ ᠤ ᠦᠨᠳᠤᠷ ᠬᠦᠤ ᠲᠠᠢ ᠵᠢᠬᠡᠯᠡᠯᠬᠡ ᠠᠴᠠ ᠲᠤᠳᠠᠭᠠᠵᠤ ᠲᠤᠭᠤᠯᠬᠤ ᠪᠠᠨ ᠪᠠᠶᠢᠵᠡᠢ᠃ ᠬᠡᠪᠡᠴᠤ ᠪᠦᠷᠨᠢᠸᠠ ᠶᠢᠨ ᠰᠠᠭᠠᠯᠢ ᠶᠢᠨ ᠺᠤᠮᠫᠠᠨᠢ ᠪᠠᠶᠢᠭᠤᠯᠬᠤ ᠬᠤᠯᠡ ᠶᠢᠨ ᠬᠠᠷᠡᠴᠡ ᠬᠠᠳᠠᠭᠤ ᠵᠤᠷᠢᠭ ᠢ ᠮᠤᠬᠤᠭᠠᠵᠤ ᠲᠡᠶᠢᠯᠦᠭᠰᠡᠨ ᠦᠬᠡᠢ᠃ ᠲᠡᠷᠡ ᠶᠡᠭᠡ ᠬᠡᠮᠵᠢᠶᠡᠨ ᠤ ᠪᠡᠯᠡ ᠮᠦᠡᠭᠭᠦ ᠬᠤᠷᠠᠮᠳᠠᠭᠤᠯᠤᠨ 10km ᠤᠨ ᠬᠠᠶᠢᠷᠬᠠᠭ ᠰᠢᠷᠤᠢ ᠶᠢᠨ ᠵᠠᠮ ᠵᠠᠰᠠᠵᠤ᠂ 500m ᠤᠨ ᠦᠨᠳᠤᠷ ᠲᠠᠷᠤᠯᠳᠠᠳᠤ ᠴᠠᠬᠢᠯᠭᠠᠨ ᠢ ᠪᠠᠭᠤᠯᠭᠠᠨ ᠴᠡᠨᠡᠭᠵᠢᠬᠦᠯᠵᠤ ᠠᠪᠤᠨᠨᠰᠠᠨ ᠤ ᠲᠠᠷᠠᠭ᠎ᠠ 5328 ᠳᠡᠭᠰᠢ ᠲᠦᠷᠪᠡᠯᠵᠢᠨ ᠮᠧᠲᠷ ᠤᠨ ᠤᠷᠤᠨ ᠬᠡᠷ ᠬᠠᠰᠢᠶ᠎ᠠ ᠰᠠᠷᠡᠪᠴᠢ ᠪᠠᠷᠢᠵᠤ᠂ 116 ᠮᠦ ᠭᠠᠵᠡᠷ ᠢ ᠲᠡᠭᠰᠢᠯᠡᠨ ᠬᠤᠤᠨᠳᠤᠭ ᠮᠠᠯᠳᠡᠵᠤ᠂ ᠤᠰᠤᠯᠡᠯᠳᠡ ᠶᠢᠨ ᠲᠤᠨᠤᠭ ᠲᠦᠬᠦᠭᠡᠷᠤᠮᠵᠢ ᠤᠨᠨᠰᠠᠷᠡᠭᠤᠯᠤᠨ ᠰᠠᠭᠤᠷᠢ ᠪᠦᠳᠤᠭᠡᠨ ᠪᠠᠶᠢᠭᠤᠯᠤᠯᠳᠡ ᠪᠠᠨ ᠬᠢᠭᠰᠡᠨ ᠤ ᠲᠠᠷᠠᠭ᠎ᠠ ᠶᠡᠭᠡ ᠬᠡᠯᠪᠡᠷᠢ ᠶᠢᠨ ᠦᠨᠢᠶ ᠎ᠠ ᠰᠠᠭᠠᠬᠤ ᠮᠠᠰᠢᠨ ᠨᠢᠭᠡ᠂ ᠪᠠᠭ᠎ᠠ ᠬᠡᠯᠪᠡᠷᠢ ᠶᠢᠨ ᠦᠨᠢᠶ᠎ᠠ ᠰᠠᠭᠠᠬᠤ ᠮᠠᠰᠢᠨ ᠭᠤᠷᠪᠠ᠂ ᠠᠭᠤᠷ ᠤᠨ ᠭᠦᠴᠤ ᠪᠠᠷ ᠦᠷᠤᠮ᠎ᠠ ᠰᠠᠭᠤᠯᠭᠠᠬᠤ ᠮᠠᠰᠢᠨ ᠲᠤᠭᠤᠭ᠎ᠠ ᠨᠢᠭᠡ᠂ ᠴᠦᠷᠮ᠎ᠠ ᠰᠢᠬᠠᠬᠤ ᠮᠠᠰᠢᠨ ᠨᠢᠬᠡ᠂ ᠭᠦᠢᠳᠡᠨ ᠬᠦᠮᠤᠷᠭᠡ ᠨᠢᠬᠡ᠂ ᠭᠦᠯᠳᠡᠭᠦᠤ ᠬᠦᠮᠤᠷᠭᠡ ᠨᠢᠬᠡ ᠵᠡᠷᠭᠡ ᠲᠤᠨᠤᠭ ᠲᠦᠭᠦᠭᠡᠷᠤᠮᠵᠢ ᠶᠢ ᠪᠡᠯᠡᠳᠭᠡᠨ ᠠᠪᠬᠤ ᠳᠤ ᠨᠢᠭᠡᠨᠳᠡ 100 ᠭᠠᠷᠤᠢ ᠲᠦᠮᠡᠨ ᠲᠦᠬᠦᠷᠢᠭ ᠤᠨ ᠪᠡᠯᠡ ᠮᠦᠡᠭᠭᠦ ᠵᠠᠷᠤᠴᠠᠭᠤᠯᠤᠨᠨᠰᠠᠨ ᠪᠠᠶᠢᠨ᠎ᠠ᠃ ᠲᠡᠷᠡ ᠡᠬᠢᠨ ᠳᠡᠭᠡᠨ ᠵᠦᠪᠬᠡᠨ ᠰᠢᠷ᠎ᠠ ᠲᠤᠰᠤ᠂ ᠴᠠᠭᠠᠨ ᠲᠤᠰᠤ᠂ ᠴᠦᠷᠮ᠎ᠠ ᠦᠷᠤᠮ᠎ᠠ ᠪᠠᠨ ᠪᠤᠷᠤᠯᠠᠭᠤᠯᠪᠡ᠃ ᠪᠦᠷᠨᠢᠸᠠ ᠲᠡᠭᠦᠨ ᠤ ᠪᠤᠷᠤᠯᠠᠭᠤᠯᠤᠯᠳᠡ ᠨᠢ ᠰᠠᠶᠢᠨ ᠪᠤᠯᠪᠠᠴᠤ ᠲᠤᠰᠠᠬᠠᠢ ᠲᠠᠸᠡᠷ ᠤᠨ ᠲᠠᠮᠳᠡᠭ ᠦᠬᠡᠢ ᠪᠤᠯ ᠦᠷᠢᠰᠤᠯᠳᠤᠭᠡᠨ ᠤ ᠲᠤᠮᠳᠡ ᠢᠯᠬᠠᠳᠠᠬᠤ ᠮᠦᠷᠳᠡᠭᠡᠨ ᠠᠯᠤᠰ ᠬᠤᠯᠠ ᠶᠢᠨ ᠢᠷᠡᠭᠡᠳᠤᠢ ᠪᠠᠶᠢᠬᠤ ᠦᠬᠡᠢ ᠭᠡᠰᠡᠨ ᠢᠶᠠᠨ ᠮᠡᠳᠡᠭᠰᠡᠨ ᠤ ᠲᠠᠷᠠᠭ᠎ᠠ 2011 ᠤᠨ ᠳᠤ ︽ᠭᠦᠬᠦᠷᠴᠢ ᠦᠬᠡᠷ ᠲᠡᠵᠢᠬᠡᠭᠦ ᠲᠤᠰᠠᠬᠠᠢ ᠬᠤᠷᠰᠢᠶᠡᠵᠢᠯ︾ ᠪᠠ ︽ᠤᠨᠳᠤᠷᠤᠯ︾ ᠨᠡᠷᠡᠮᠵᠢᠳᠤ ᠴᠠᠭᠠᠨ ᠢᠳᠡᠭᠡ ᠪᠤᠯᠪᠠᠰᠤᠷᠠᠭᠤᠯᠬᠤ ᠺᠤᠮᠫᠠᠨᠢ ᠪᠠᠨ ᠪᠠᠶᠢᠭᠤᠯᠵᠤ᠂ ᠡᠵᠡᠩᠨᠡᠯᠳᠡ ᠶᠢᠨ ᠡᠷᠭᠡ ᠪᠠᠨ ᠲᠠᠩᠰᠠᠯᠠᠭᠤᠯᠵᠤ ᠠᠪᠴᠡᠢ᠃      ᠤᠳᠤ ᠲᠡᠷᠡ ᠡᠳᠤᠷ ᠲᠤᠳᠤᠮ 1000 ᠵᠢᠩ ᠰᠥ ᠶᠢ ᠤᠢᠢᠯᠡᠳᠪᠤᠷᠢᠯᠡᠡ ᠭᠠᠷᠭᠠᠵᠤ ᠠᠵᠤ ᠠᠬᠤᠢ ᠶᠢᠨ ᠰᠠᠭᠤᠷᠢ ᠲᠠᠢ ᠪᠤᠯᠤᠨᠨᠰᠠᠨ ᠠᠴᠠ ᠠᠶᠢᠯ ᠠᠶᠢᠮᠠᠭ ᠤᠨ ᠠᠵᠢᠯ ᠠᠯᠳ᠋ᠬᠠᠰᠠᠳ᠂ ᠬᠤᠷᠰᠢᠶᠡᠨ ᠤ ᠪᠠᠨ ᠶᠠᠳᠠᠭᠤ ᠵᠦᠳᠡᠭᠦᠤ ᠮᠠᠯᠴᠢᠳ ᠢ ᠲᠤᠰᠠᠯᠠᠨ ᠠᠵᠢᠯ ᠤᠯᠭᠤᠵᠤ᠂ ᠤᠷᠤᠯᠭ᠎ᠠ ᠲᠠᠢ ᠪᠤᠯᠭᠠᠨᠨᠰᠠᠨ ᠢᠶᠠᠷ ᠪᠠᠷᠠᠬᠤ ᠦᠬᠡᠢ ᠦᠪᠡᠷ ᠢᠶᠠᠨ ᠴᠤ ᠵᠢᠯ ᠤᠨ 78 — 88 ᠲᠦᠮᠡᠨ ᠲᠦᠭᠦᠷᠢᠭ ᠤᠨ ᠲᠤᠨᠨᠳᠠᠮᠠᠯ ᠤᠷᠤᠯᠭ᠎ᠠ ᠲᠠᠢ ᠪᠤᠯᠪᠠ᠃      ᠪᠦᠷᠨᠢᠸᠠ ᠠᠵᠤ ᠤᠢᠢᠯᠡᠰ ᠡᠷᠬᠢᠯᠡᠨ ᠲᠤᠯᠤᠭᠠᠢᠢᠯᠠᠬᠤ ᠤᠢᠢᠯᠡᠳᠤᠯ ᠢᠶᠠᠨ ᠪᠠᠳᠠᠷᠠᠭᠤᠯᠵᠤ᠂ ᠮᠤᠩᠭᠤᠯ ᠦᠨᠳᠤᠰᠤᠳᠡᠨ ᠤ ᠪᠠᠨ ᠦᠪ ᠰᠤᠶᠤᠯ᠂ ᠵᠠᠩ ᠵᠠᠩᠰᠢᠯ ᠢ ᠤᠯᠠᠮᠵᠢᠯᠠᠵᠤ ᠭᠦᠭᠵᠢᠬᠦᠯᠬᠦ᠂ ᠵᠠᠯᠭᠠᠮᠵᠢᠯᠠᠵᠤ ᠰᠢᠨᠡᠳᠭᠡᠨ ᠲᠡᠯᠡᠬᠡᠢ ᠶᠢᠨ ᠵᠠᠬ᠎ᠠ ᠲᠡᠯᠭᠡᠭᠦᠷ ᠲᠠᠶᠢᠰᠢ ᠬᠠᠨᠳᠤᠭᠤᠯᠬᠤ ᠪᠠᠷ 2018 ᠤᠨ ᠳᠤ ᠡᠵᠡᠩᠨᠡᠯᠳᠡ ᠶᠢᠨ ᠬᠦᠷᠢᠶ᠎ᠠ ᠭᠡᠪᠴᠢᠶ ᠎ᠠ ᠪᠠᠨ ᠦᠷᠭᠡᠳᠭᠡᠨ ᠰᠥ ᠰᠠᠭᠠᠯᠢ᠂ ᠮᠢᠬ᠎ᠠ᠂ ᠭᠤᠯᠢᠷ ᠵᠡᠷᠭᠡ 12 ᠲᠦᠷᠤᠯ ᠤᠨ ᠡᠵᠡᠭᠨᠡᠯᠳᠡ ᠶᠢᠨ ᠡᠷᠬᠡ ᠶᠢ ᠭᠤᠶᠤᠴᠢᠯᠡᠨ ᠲᠠᠩᠰᠠᠯᠠᠭᠤᠯᠪᠠ᠃ ᠡᠭᠦᠨ ᠤ ᠬᠠᠮᠳᠤ ᠦᠪᠡᠷ ᠤᠨ ᠮᠡᠳᠡᠯᠬᠡ ᠮᠡᠷᠭᠡᠵᠢᠯ ᠢᠶᠠᠨ ᠲᠡᠭᠡᠭᠰᠢᠯᠡᠭᠦᠯᠬᠦ ᠶᠢᠨ ᠲᠦᠯᠤᠬᠡ ᠰᠥ ᠰᠠᠭᠠᠯᠢ ᠪᠠᠨ ᠪᠤᠷᠤᠯᠠᠭᠤᠯᠬᠤ ᠲᠤᠬᠠᠢ ᠰᠤᠷᠭᠠᠯᠳᠡ ᠳᠤ ᠤᠷᠤᠯᠴᠠᠵᠤ᠂ ᠪᠥᠳᠤᠭᠡᠭᠳᠡᠭᠦᠨ ᠢᠶᠠᠨ ᠲᠠᠸᠠᠷᠴᠢᠯᠡᠬᠤ ᠠᠷᠭ᠎ᠠ ᠮᠡᠷᠭᠡᠵᠢᠯ ᠢ ᠰᠢᠰᠲ᠋ᠧᠮ ᠲᠠᠢ ᠰᠤᠷᠴᠤ ᠡᠵᠡᠮᠰᠢᠭᠰᠡᠨ ᠪᠠᠶᠢᠨ᠎ᠠ᠃      ᠪᠦᠷᠨᠢᠸᠠ ᠶᠢᠨ ᠭᠦᠰᠡᠯ ᠪᠤᠯ ᠲᠠᠷᠤᠢ ᠬᠤᠷᠰᠢᠶᠡᠨ ᠤ ᠪᠠᠨ ᠬᠦᠯᠤᠰᠤᠨ ᠠᠵᠢᠯᠴᠢᠳ ᠲᠠᠭᠠᠨ ᠲᠤᠨᠨᠳᠠᠮᠠᠯ ᠠᠵᠢᠯ ᠂ ᠲᠤᠨᠨᠳᠠᠮᠠᠯ ᠴᠠᠯᠢᠩ ᠮᠦᠡᠭᠭᠦ ᠤᠯᠭᠤᠵᠤ᠂ ᠺᠤᠮᠫᠠᠨᠢ ᠪᠠᠨ ᠦᠷᠭᠦᠯᠵᠢᠯᠡᠨ ᠭᠦᠭᠵᠢᠭᠦᠯᠵᠤ᠂ ᠠᠷᠡᠳ ᠤᠯᠠᠨ ᠢᠶᠠᠨ ᠲᠠᠭᠠᠭᠤᠯᠤᠨ ᠳᠠᠶᠠᠭᠠᠷ ᠢᠶᠠᠨ ᠪᠠᠶᠠᠵᠢᠨ ᠴᠢᠨᠡᠭᠡᠯᠡᠭᠵᠢᠬᠦ ᠪᠠᠷ ᠴᠢᠷᠮᠡᠶᠢᠨ ᠠᠵᠢᠯᠯᠠᠬᠤ ᠶᠠᠪᠤᠳᠠᠯ ᠪᠤᠯᠤᠨ᠎ᠠ᠃ ᠤᠳᠤ ᠲᠡᠷᠡ ᠮᠠᠯᠴᠢᠨ ᠲᠥᠮᠡᠨ ᠤ ᠪᠠᠨ ᠮᠬᠠᠳᠠᠭᠠᠯ ᠰᠠᠶᠢᠰᠢᠶᠠᠯ ᠢ ᠭᠦᠷᠳᠡᠨ ︽ᠤᠯᠠᠨ ᠤ ᠲᠤᠳᠤᠷ ᠎ᠠ ᠪᠠᠨ ᠤᠳᠤ᠂ ᠲᠦᠮᠡᠨ ᠤ ᠲᠤᠳᠤᠷ ᠎ᠠ ᠪᠠᠨ ᠰᠤᠳᠤ︾ ᠪᠤᠯᠤᠨ ᠬᠢᠯᠡᠷᠠᠭᠤᠯᠵᠤ ᠪᠤᠢ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号