ᠬᠦᠬᠡᠳᠣᠯᠣᠭᠠᠢ ᠭᠠᠴᠠᠭ᠎ᠠ ᠬᠦᠢᠳᠡᠨ ᠬᠦᠮᠦᠷᠭᠡ ᠶᠢᠨ ᠪᠦᠳᠣᠭᠡᠨ ᠪᠠᠶᠢᠭᠤᠯᠣᠯᠳᠠ ᠪᠠᠷ ᠣᠯᠠᠭᠠᠨ ᠢᠳᠡᠭᠡᠨ ᠤ ᠠᠵᠣ ᠣᠶᠢᠯᠡᠰ ᠢ ᠬᠦᠭᠵᠢᠬᠦᠯᠵᠤ ᠪᠠᠶᠢᠨ᠎ᠠ
ᠨᠡᠶᠢᠲᠡᠯᠡᠭᠰᠡᠨ ᠴᠠᠭ᠄
2019-04-18
     ᠭᠠᠯᠠᠭᠤᠳᠣ ᠪᠠᠯᠭᠠᠰᠣᠨ ᠤ ᠬᠦᠬᠡᠳᠣᠯᠣᠭᠠᠢ ᠭᠠᠴᠠᠭ᠎ᠠ ᠭᠠᠵᠠᠷ ᠣᠷᠣᠨ ᠤ ᠳᠠᠪᠠᠭᠤᠯᠢᠭ ᠲᠤ ᠪᠠᠨ ᠳᠦᠰᠢᠭᠯᠡᠨ ᠬᠤᠨᠢ ᠦᠬᠡᠷ ᠤᠨ ᠳᠡᠵᠢᠬᠡᠪᠣᠷᠢ ᠶᠢᠨ ᠬᠤᠷᠰᠢᠶᠠᠵᠢᠯ᠂ ᠮᠠᠯᠵᠢᠯ ᠤᠨ ᠳᠣᠮᠣ ᠡᠷᠣᠬᠡ ᠶᠢ ᠪᠣᠵᠠᠭᠠᠶᠢᠷᠠᠭᠤᠯᠣᠨ ᠬᠦᠢᠳᠡᠨ ᠬᠦᠮᠦᠷᠭᠡ ᠪᠠᠶᠢᠭᠤᠯᠤᠨ ᠳᠦᠷᠪᠡᠨ ᠣᠯᠠᠷᠢᠯ ᠤᠨ ᠣᠯᠠᠭᠠᠨ ᠢᠳᠡᠭᠡᠨ ᠬᠠᠳᠠᠭᠠᠯᠠᠬᠤ ᠭᠡᠷᠡᠭᠴᠡᠭᠡ ᠶᠢ ᠬᠠᠨᠭ᠍ᠭᠠᠵᠣ ᠣᠯᠠᠭᠠᠨ ᠢᠳᠡᠭᠡᠨ ᠤ ᠠᠵᠣ ᠣᠶᠢᠯᠡᠰ ᠢ ᠬᠦᠭᠵᠢᠬᠦᠯᠣᠨ ᠣᠷᠣᠯᠭ᠎ᠠ ᠪᠠᠨ ᠨᠡᠮᠡᠭᠳᠡᠭᠦᠯᠵᠣ ᠪᠠᠶᠢᠨ᠎ᠠ᠃      ᠬᠦᠭᠡᠲᠤᠯᠤᠭᠠᠢ ᠭᠠᠴᠠᠭᠠᠨ ᠤ ᠵᠦᠪᠯᠡᠯ ᠤᠨ ᠡᠷᠬᠢᠯᠡᠭᠴᠢ ᠪᠣᠯᠬᠤ ᠮᠦᠷᠳᠡᠭᠡᠨ ᠳᠠᠵᠢᠭᠡᠪᠣᠷᠢ ᠶᠢᠨ ᠳᠣᠮᠣ ᠡᠷᠣᠭᠡ ᠪᠡᠳᠣ ᠶᠢᠨ ᠬᠢᠨ ᠪᠠᠯᠭᠠᠰᠤᠨ ᠳᠡᠭᠡᠷ᠎ᠡ ᠴᠣᠯᠣ ᠪᠠᠶᠢᠭᠠᠯᠢᠯᠢᠭ ᠬᠦᠳᠡᠭᠡ ᠶᠢᠨ ᠮᠢᠬ᠎ᠠ ᠪᠣᠷᠣᠯᠠᠭᠤᠯᠬᠤ ᠮᠢᠬᠠᠨ ᠲᠡᠯᠭᠡᠭᠦᠷ ᠡᠵᠡᠩᠨᠡᠵᠦ ᠪᠠᠶᠢᠳᠠᠭ᠃ ᠳᠡᠷᠡ ᠳᠦᠷᠪᠡᠨ ᠣᠯᠡᠷᠢᠯ ᠢᠶᠠᠷ ᠭᠡᠷᠡᠭᠯᠡᠭᠴᠢᠳ ᠲᠤ ᠰᠢᠨ᠎ᠠ ᠰᠣᠷᠭᠤᠭ ᠮᠢᠬ᠎ᠠ ᠢᠳᠡᠭᠦᠯᠬᠦ ᠭᠡᠷᠡᠭᠴᠡᠭᠡ ᠶᠢ ᠬᠠᠨᠭ᠍ᠭᠠᠬᠤ ᠶᠢᠨ ᠳᠦᠯᠣᠭᠡ 2018 ᠣᠨ ᠳᠤ ᠬᠦᠳᠡᠭᠡ ᠭᠡᠷ ᠲᠤ ᠪᠠᠨ 210 ᠲᠡᠭᠰᠢ ᠲᠦᠷᠪᠡᠯᠵᠢᠨ ᠮᠧᠲᠷ ᠤᠨ ᠬᠦᠢᠲᠡᠨ ᠬᠦᠮᠦᠷᠭᠡ ᠪᠠᠶᠢᠭᠤᠯᠤᠨ ᠮᠢᠬᠠᠨ ᠤ ᠬᠠᠩᠭᠠᠯᠭ᠎ᠠ  ᠶᠢᠨ ᠠᠰᠠᠭᠤᠳᠠᠯ ᠢᠶᠠᠨ ᠰᠢᠢᠳᠪᠦᠷᠢᠯᠡᠵᠦ ᠴᠢᠳᠠᠭᠰᠠᠨ ᠪᠠᠶᠢᠨ᠎ᠠ᠃ ᠮᠠᠯᠴᠢᠨ ᠪᠠᠲᠤ ᠰᠤᠷᠪᠤᠯᠵᠢᠯᠠᠭᠴᠢ ᠳᠤ ᠬᠡᠯᠡᠬᠦ ᠳᠡᠭᠡᠨ᠂ ᠬᠦᠭᠡᠲᠤᠯᠤᠭᠠᠢ ᠭᠠᠴᠠᠭ᠎ᠠ ᠵᠢᠯ  ᠳᠡᠭᠡᠨ 5 ᠲᠦᠮᠡ ᠭᠠᠷᠤᠢ ᠦᠬᠡᠷ ᠬᠤᠨᠢ ᠲᠡᠵᠢᠭᠡᠵᠤ ᠪᠠᠶᠢᠳᠠᠭ ᠪᠣᠯᠪᠠᠴᠣ ᠡᠪᠣᠯ ᠤᠨ ᠣᠯᠡᠷᠢᠯ ᠠᠴᠠ ᠪᠣᠰᠣᠣᠨ ᠴᠠᠭ  ᠲᠤ ᠵᠠᠬ᠎ᠠ ᠲᠡᠯᠭᠡᠭᠦᠷ  ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ ᠲᠡᠶᠢᠯᠳᠡᠭ ᠦᠭᠡᠢ ᠠᠴᠠ ᠭᠠᠴᠠᠭᠠᠨ ᠠᠴᠠ ᠨᠢᠭᠡᠳᠣᠯᠳᠡᠢ ᠳᠣᠬᠢᠷᠠᠭᠤᠯᠣᠨ ᠬᠦᠢᠲᠡᠨ ᠬᠦᠮᠦᠷᠭᠡ ᠶᠢ ᠪᠠᠶᠢᠭᠤᠯᠵᠣ ᠣᠯᠠᠭᠠᠨ ᠢᠳᠡᠭᠡᠨ ᠡᠯᠪᠡᠭ ᠤᠯᠠᠷᠢᠯ ᠳᠤ ᠨᠦᠭᠡᠴᠡᠯᠡᠨ ᠬᠠᠳᠠᠭᠠᠯᠠᠵᠤ ᠴᠤᠬᠠᠭ ᠴᠠᠭ ᠲᠤ ᠪᠤᠷᠤᠯᠠᠭᠤᠯᠤᠨ ᠬᠤᠳᠠᠯᠳᠣᠵᠣ ᠮᠢᠬ᠎ᠠ ᠶᠢ ᠵᠢᠩ ᠪᠦᠷᠢ ᠳᠤ ᠬᠠᠮᠤᠭ ᠪᠠᠭ᠎ᠠ ᠳᠤ ᠪᠠᠨ ᠲᠦᠷᠪᠡ ᠠᠴᠠ ᠲᠠᠪᠤᠨ ᠲᠦᠬᠦᠷᠢᠭ ᠢᠯᠡᠭᠦᠦ ᠪᠤᠷᠤᠯᠠᠭᠤᠯᠳᠠᠭ ᠭᠡᠵᠣ ᠪᠠᠶᠢᠯ᠎ᠠ᠃      ᠭᠦᠬᠡᠲᠤᠯᠤᠭᠠᠢ ᠭᠠᠴᠠᠭ᠎ᠠ ᠨᠢ 260 ᠭᠠᠷᠤᠢ ᠪᠠᠶᠢᠡᠭᠭᠤ ᠰᠠᠭᠤᠷᠢᠰᠢᠭ᠎ᠠ ᠠᠶᠢᠯ ᠡᠷᠣᠭᠡ ᠲᠠᠢ᠂ ᠠᠮᠢ ᠠᠬᠤᠢ  ᠶᠢ ᠰᠡᠷᠭᠦᠬᠡᠭᠦ ᠳᠦᠷᠣ ᠶᠢᠨ ᠪᠣᠳᠣᠯᠭ᠎ᠠ ᠪᠠᠷ ᠨᠡᠭᠦᠨ ᠰᠢᠯᠵᠢᠭᠰᠡᠨ 100 ᠭᠠᠷᠣᠢ ᠡᠷᠣᠭᠡ ᠲᠠᠢ᠂ ᠮᠠᠯᠵᠢᠬᠤ ᠪᠠᠷ ᠭᠤᠤᠯᠯᠠᠵᠤ ᠲᠠᠷᠢᠶᠠᠯᠠᠬᠤ ᠶᠢ ᠣᠶᠠᠯᠳᠣᠭᠤᠯᠣᠭᠰᠠᠨ ᠪᠡᠯᠴᠢᠬᠡᠷ ᠨᠣᠳᠤᠭ ᠠᠭᠤᠳᠠᠮ ᠡᠯᠡᠰᠣᠷᠭᠡᠭ ᠭᠠᠴᠠᠭ᠎ᠠ ᠪᠣᠯᠣᠨ᠎ᠠ᠃ ᠳᠣᠰ ᠭᠠᠴᠠᠭ᠎ᠠ 2014 ᠤᠨ ᠠᠴᠠ ᠡᠬᠢᠯᠡᠵᠦ ︽ᠤᠮᠪᠤᠢ︾ ᠢᠳᠡᠭᠡᠨ ᠪᠤᠯᠪᠠᠰᠤᠷᠠᠭᠤᠯᠬᠤ ᠣᠶᠢᠯᠠᠳᠪᠣᠷᠢ ᠶᠢ ᠪᠠᠶᠢᠭᠤᠯᠵᠣ᠂ 2018 ᠣᠨ ᠳᠤ ᠡᠷᠣᠬᠡ ᠬᠤᠯᠪᠣᠭᠠᠯᠠᠨ ︽ᠣᠮᠪᠣᠢ︾ ᠮᠠᠯ ᠲᠠᠷᠢᠶᠠᠯᠡᠩ ᠤᠨ ᠠᠰᠢᠭ ᠰᠢᠮ᠎ᠠ ᠶᠢᠨ ᠦᠢᠯᠡᠳᠬᠦᠨ ᠤ ᠬᠤᠷᠰᠢᠶᠠᠵᠢᠯ ᠢ ᠪᠠᠶᠢᠭᠤᠯᠣᠨ ᠢᠳᠡᠭᠡᠨ ᠣᠮᠳᠠᠭᠠᠨ ᠪᠣᠯᠪᠠᠰᠣᠷᠠᠭᠤᠯᠬᠤ ᠳᠠᠰᠤᠭ᠂ ᠣᠯᠠᠨ ᠳᠦᠮᠡᠨ  ᠳᠤ ᠳᠦᠬᠦᠮ ᠦᠵᠡᠬᠦᠯᠬᠦ ᠣᠶᠢᠯᠡᠴᠢᠯᠡᠬᠡᠨ ᠤ ᠳᠡᠯᠭᠡᠬᠦᠷ᠂ ᠬᠦᠢᠳᠡᠨ ᠬᠦᠮᠣᠷᠭᠡ᠂ ᠳᠦᠷᠭᠡᠨ ᠬᠦᠯᠳᠡᠭᠡᠬᠦ ᠬᠦᠮᠣᠷᠭᠡ ᠵᠡᠷᠭᠡ ᠣᠶᠢᠯᠡᠳᠪᠣᠷᠢ ᠶᠢᠨ ᠳᠡᠰᠤᠭ ᠪᠣᠯᠣᠨ ᠵᠡᠮ ᠳᠡᠭᠡᠭᠡᠪᠣᠷᠢ ᠶᠢᠨ ᠪᠠᠭᠠᠵᠢ᠂ ᠭᠤᠯᠢᠷ ᠤᠨ ᠪᠦᠳᠣᠭᠡᠭᠳᠡᠬᠦᠨ᠂ ᠣᠯᠠᠭᠠᠨ ᠢᠳᠡᠭᠡᠨ ᠤ ᠪᠣᠯᠪᠠᠰᠣᠷᠠᠭᠤᠯᠣᠯᠳᠠ᠂ ᠢᠳᠡᠭᠡᠨ ᠣᠮᠳᠠᠭᠠᠨ ᠤ ᠣᠶᠢᠯᠡᠳᠪᠣᠷᠢ ᠶᠢᠨ ᠳᠣᠨᠤᠭ ᠲᠦᠬᠦᠭᠡᠷᠦᠮᠵᠢ  ᠶᠢ ᠢᠵᠢ ᠪᠦᠷᠢᠨᠰᠢᠬᠦᠯᠵᠣ ᠭᠠᠴᠠᠭᠠᠨ ᠤ ᠬᠠᠮᠳᠣ ᠶᠢᠨ ᠠᠵᠣ ᠠᠬᠤᠢ ᠶᠢ ᠬᠦᠭᠵᠢᠬᠦᠯᠣᠨ ᠮᠠᠯᠴᠢᠳ ᠤᠨ ᠢᠯᠡᠬᠦᠴᠡ ᠬᠦᠳᠡᠯᠮᠣᠷᠢ ᠬᠦᠴᠣ ᠳᠤ ᠠᠵᠢᠯ ᠣᠯᠭᠤᠨ ᠮᠠᠯ ᠳᠠᠷᠢᠶᠠᠯᠡᠩ ᠤᠨ ᠪᠦᠳᠣᠭᠡᠭᠳᠡᠬᠦᠨ ᠢ ᠪᠣᠯᠪᠠᠰᠣᠷᠠᠭᠤᠯᠣᠨ ᠪᠣᠷᠣᠯᠠᠭᠤᠯᠵᠣ ᠬᠠᠮᠳᠣ ᠶᠢᠨ ᠠᠰᠢᠭ ᠣᠷᠣᠯᠭ᠎ᠠ ᠶᠢ ᠡᠭᠦᠳᠣᠨ ᠬᠦᠳᠡᠭᠡ ᠳᠣᠰᠬᠤᠨ ᠢ ᠬᠦᠭᠵᠢᠬᠦᠯᠣᠨ ᠮᠠᠨᠳᠣᠭᠤᠯᠵᠣ ᠶᠠᠳᠠᠭᠤ ᠶᠢ ᠲᠡᠳᠬᠦᠬᠦ ᠳᠤ ᠬᠤᠪᠢ ᠨᠡᠮᠡᠷᠢ ᠦᠵᠡᠬᠦᠯᠵᠣ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号