| | | ᠤᠶᠢᠷ᠎ᠠ ᠶᠢᠨ ᠡᠳᠤᠷ᠂ ᠬᠤᠰᠢᠭᠤ ᠮᠤᠩᠭᠤᠯ ᠦᠨᠳᠤᠰᠤᠳᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠡᠵᠡᠨ | ᠴᠢᠩᠬᠢᠰ ᠤᠨ ᠮᠡᠨᠳᠤᠯᠡᠭᠰᠡᠨ 857 ᠵᠢᠯ ᠤᠨ ᠤᠢ ᠶᠢ ᠲᠤᠷᠠᠰᠬᠠᠨ ᠲᠡᠮᠳᠡᠭᠯᠡᠭᠦ ︽ᠲᠡᠯᠭᠡᠷ ᠰᠤᠶᠣᠯ ᠲᠡᠭᠡᠳᠤᠯᠡᠭᠦ ᠦᠪ | ︾ ᠭᠡᠬᠦ ᠭᠤᠤᠯ ᠰᠡᠳᠤᠪᠳᠤ ᠤᠶᠢᠯᠡᠳᠤᠯᠭᠡ ᠶᠢᠨ ᠠᠵᠢᠯᠯᠠᠭ᠎ᠠ ᠦᠷᠨᠢᠭᠦᠯᠪᠡ᠃ | | | | | | | ᠠᠵᠢᠯᠯᠠᠭ᠎ᠠ ᠳᠤ ᠰᠡᠩ ᠲᠠᠯᠪᠢᠵᠦ ᠡᠵᠡᠨ ᠰᠠᠩ ᠤᠩᠰᠢᠬᠤ᠂ ︽ᠮᠤᠩᠭᠤᠯ ᠬᠠᠭᠠᠳ ᠤᠨ ᠬᠡᠯᠬᠢᠶ᠎ᠡ︾ | ᠰᠡᠲᠦᠪᠲᠦ ᠡᠯ᠎ᠡ ᠦᠶ᠎ᠡ ᠶᠢᠨ ᠮᠣᠩᠭᠤᠯ ᠬᠠᠭᠠᠳ ᠢ ᠲᠠᠨᠢᠯᠴᠠᠭᠤᠯᠬᠤ᠂ ᠴᠢᠩᠬᠢᠰ ᠬᠠᠭᠠᠨ ᠤ ᠪᠢᠯᠢᠭ ᠰᠤᠷᠭᠠᠯ ᠢ | ᠴᠡᠭᠡᠵᠢ ᠪᠠᠷ ᠤᠩᠰᠢᠬᠤ᠂ ᠴᠢᠩᠬᠢᠰ ᠬᠠᠭᠠᠨ ᠬᠢᠭᠡᠳ ᠲᠡᠭᠦᠨ ᠤ ᠳᠠᠶᠢᠯᠭ᠎ᠠ ᠲᠠᠬᠢᠯᠭ᠎ᠠ ᠶᠢᠨ ᠲᠤᠬᠠᠢ ᠲᠤᠰᠬᠠᠢ | ᠰᠡᠲᠦᠪᠲᠦ ᠶᠠᠷᠢᠶ᠎ᠠ ᠲᠠᠶᠢᠯᠤᠮᠵᠢ ᠬᠢᠬᠦ᠂ ᠴᠢᠩᠬᠢᠰ ᠬᠠᠭᠠᠨ ᠤ ᠨᠢᠭᠡ ᠨᠠᠰᠤᠨ ᠤ ᠦᠢᠯᠡ ᠠᠵᠢᠯᠯᠠᠭ᠎ᠠ ᠶᠢ | ᠬᠠᠷᠠᠭᠤᠯᠤᠭᠰᠠᠨ ᠲᠤᠰᠬᠠᠢ ᠹᠢᠯᠢᠮ ᠦᠵᠡᠬᠦ᠂ ᠮᠤᠩᠭᠤᠯ ᠲᠡᠤᠬᠡ ᠶᠢᠨ ᠨᠤᠮ ᠤᠩᠰᠢᠬᠤ ᠵᠡᠷᠭᠡ ᠠᠭᠤᠯᠭ᠎ᠠ ᠶᠢᠨ | ᠲᠤᠭᠤᠷᠢᠨ ᠳᠤ ᠪᠥᠭᠦ ᠰᠤᠷᠭᠠᠭᠤᠯᠢ ᠶᠢᠨ ᠪᠠᠭᠰᠢ ᠰᠤᠷᠤᠭᠴᠢᠳ ᠲᠡᠤᠬᠡ ᠰᠤᠶᠣᠯ ᠢᠶᠠᠨ ᠦᠪᠯᠡᠨ ᠵᠠᠯᠭᠠᠮᠵᠢᠯᠠᠬᠤ ᠨᠢᠭᠡ | ᠡᠳᠦᠷ ᠤᠨ ᠤᠶᠢᠯᠡᠳᠤᠯᠭᠡ ᠶᠢᠨ ᠬᠢᠴᠢᠶᠡᠯᠯᠡᠭᠡ ᠶᠢ ᠦᠷᠨᠢᠭᠦᠯᠵᠠᠢ᠃ | | | | | | | ᠤᠶᠢᠯᠠᠭᠠᠭᠰᠠᠨ ᠢᠶᠠᠷ ᠬᠤᠰᠢᠭᠤ ᠮᠤᠩᠭᠤᠯ ᠲᠤᠷᠰᠢᠯᠳᠠ ᠶᠢᠨ ᠪᠠᠭ᠎ᠠ ᠰᠤᠷᠭᠠᠭᠤᠯᠢ ᠨᠢ ᠵᠢᠯ ᠪᠤᠯᠭᠠᠨ ᠠᠳᠠᠯᠢ | ᠪᠤᠰᠤ ᠠᠭᠤᠯᠭ᠎ᠠ ᠪᠠᠷ ᠡᠵᠡᠨ ᠴᠢᠩᠭᠢᠰ ᠤᠨ ᠮᠠᠨᠳᠤᠯᠡᠭᠰᠡᠨ ᠡᠳᠤᠷ ᠢ ᠲᠤᠷᠠᠰᠬᠠᠨ ᠲᠡᠮᠳᠡᠭᠯᠡᠳᠡᠭ ᠪᠠᠶᠢᠨ᠎ᠠ᠃ | | | | | | | | | | | |