ᠮᠠᠨ ᠤ ᠬᠤᠰᠢᠭᠤᠨ ᠤ ᠡᠯ᠎ᠡ ᠳᠣᠮᠳᠡᠳᠣ ᠪᠠᠭ᠎ᠠ ᠰᠣᠷᠭᠠᠭᠤᠯᠢ᠂ ᠬᠡᠤᠬᠡᠳ ᠤᠨ ᠴᠡᠴᠡᠷᠯᠢᠭ ᠤᠨ ᠬᠢᠨ ᠨᠣᠮ | ᠣᠡᠭᠰᠢᠬᠤ ᠠᠵᠢᠯᠯᠠᠭ᠎ᠠ ᠶᠢ ᠰᠠᠶᠢᠳᠣᠷ ᠦᠷᠨᠢᠬᠦᠯᠣᠨ ᠵᠢᠭᠠᠨ ᠰᠣᠷᠭᠠᠯᠳᠠ ᠪᠣᠯᠣᠨ ᠳᠣᠷ᠎ᠠ ᠰᠣᠨᠢᠷᠬᠠᠯ ᠤᠨ ᠬᠢᠴᠢᠶᠡᠯ | ᠳᠤ ᠪᠠᠨ ᠠᠮᠢᠳᠣᠯᠢᠭ ᠢᠶᠠᠷ ᠠᠭᠤᠰᠣᠯᠴᠠᠭᠤᠯᠵᠤ ᠰᠣᠷᠣᠭᠴᠢᠳ ᠤᠨ ᠡᠯ᠎ᠡ ᠲᠡᠯ᠎ᠡ ᠶᠢᠨ ᠮᠡᠳᠡᠯᠬᠡ ᠮᠡᠳᠡᠴᠡ ᠶᠢᠨ | ᠬᠦᠷᠢᠶ᠎ᠠ ᠭᠡᠪᠴᠢᠶ᠎ᠠ ᠶᠢ ᠦᠷᠭᠡᠳᠭᠡᠨ ᠣᠶᠣᠨ ᠣᠬᠠᠭᠠᠨ ᠳᠤᠨᠢ ︽ᠰᠢᠮ᠎ᠠ ᠲᠠᠵᠢᠬᠡᠯ︾ ᠬᠦᠷᠳᠡᠭᠡᠵᠣ ᠪᠠᠶᠢᠨ᠎ᠠ᠃ | ᠲᠡᠯᠡᠬᠡᠢ ᠶᠢᠨ ᠨᠤᠮ ᠤᠩᠰᠢᠬᠤ ᠰᠠᠷ᠎ᠠ ᠶᠢᠨ ᠠᠵᠢᠯᠯᠠᠭᠠᠨ ᠤ ᠬᠤᠭᠤᠴᠠᠭᠠᠨ ᠳᠤ ᠦᠣᠰᠢᠨ ᠬᠤᠰᠢᠭᠤᠨ ᠤ | ᠮᠤᠩᠭᠤᠯ ᠦᠨᠳᠦᠰᠦᠳᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠨᠢ ᠡᠵᠡᠨ ᠴᠢᠩᠬᠢᠰ ᠤᠨ ᠮᠡᠨᠳᠣᠯᠡᠭᠰᠡᠨ857 | ᠵᠢᠯ ᠤᠨ ᠣᠢ ᠶᠢ ᠳᠣᠷᠠᠰᠬᠠᠬᠤ ᠭᠤᠣᠯ ᠰᠡᠳᠣᠪᠳᠣ ᠠᠵᠢᠯᠯᠠᠭ᠎ᠠ᠂ ᠰᠣᠷᠭᠠᠭᠤᠯᠢ ᠶᠢᠨ ᠬᠢᠴᠢᠶᠡᠯ ᠤᠨ ᠭᠠᠳᠠᠨᠠᠬᠢ | ᠬᠦᠳᠡᠯᠭᠡᠭᠡᠨ᠂ ᠳᠣᠷ᠎ᠠ ᠰᠣᠨᠢᠷᠬᠠᠯ ᠤᠨ ᠬᠢᠴᠢᠶᠡᠯ ᠵᠡᠷᠭᠡ ᠳᠤ ᠪᠠᠨ ᠮᠣᠩᠭᠤᠯ ᠨᠣᠮ ᠪᠢᠴᠢᠭ ᠣᠡᠭᠰᠢᠬᠤ ᠠᠵᠢᠯᠯᠠᠭ᠎ᠠ | ᠢᠳᠡᠪᠬᠢᠳᠡᠢ ᠦᠷᠨᠢᠬᠦᠯᠪᠠ᠃ ᠬᠠᠷᠠᠬᠠᠨ ᠪᠠᠭ᠎ᠠ ᠠᠴᠠ ᠡᠵᠢ ᠶᠢᠨ ᠢᠶᠠᠨ ᠨᠣᠮ ᠣᠡᠭᠰᠢᠬᠤ ᠳᠣᠷ᠎ᠠ ᠪᠠᠬ᠎ᠠ ᠶᠢᠨ | ᠨᠦᠯᠣᠬᠡᠯᠡᠯ ᠢᠶᠠᠷ ᠨᠤᠮ ᠤᠨ ᠬᠤᠷᠣᠬᠠᠶᠢᠳᠡᠢ ᠪᠣᠯᠣᠭᠰᠠᠨ ᠵᠢᠷᠭᠤᠳᠤᠭᠠᠷ ᠤᠨ ᠤ ᠰᠤᠷᠤᠭᠴᠢ ᠠᠯᠬᠢᠨᠴᠢ ᠳᠣᠷ᠎ᠠ | ᠰᠣᠨᠢᠷᠬᠠᠯ ᠳᠤ ᠪᠠᠨ ᠬᠦᠳᠣᠯᠣᠭ᠍ᠳᠡᠨ ᠡᠨᠡᠬᠦ ᠨᠣᠮ ᠣᠡᠭᠰᠢᠬᠤ ᠰᠠᠷ᠎ᠠ ᠶᠢᠨ ᠠᠵᠢᠯᠯᠠᠭ᠎ᠠ ᠡᠬᠢᠯᠡᠭᠰᠡᠨ ᠠᠴᠠ ᠨᠠᠰᠢ | ᠠᠷᠡᠳ ᠤᠨ ᠠᠮᠠᠨ ᠦᠯᠢᠭᠡᠷ᠂ ᠶᠡᠷᠢᠶ᠎ᠡ ᠢᠯᠡᠳᠬᠡᠯ᠂ ᠤᠷᠠᠨ ᠵᠤᠬᠢᠶᠠᠯ ᠵᠡᠷᠬᠡ ᠲᠦᠷᠦᠯ ᠤᠨ ᠰᠲ᠋ᠢᠯᠢ ᠲᠠᠢ ᠠᠷᠪᠠ | ᠭᠠᠷᠤᠢ ᠨᠤᠮ ᠢ ᠣᠡᠭᠰᠢᠭ᠌ᠰᠠᠨ ᠤ ᠬᠠᠮᠳᠣ ᠪᠦᠬᠦ ᠰᠤᠷᠭᠠᠭᠤᠯᠢ ᠶᠢᠨ ᠨᠣᠮ ᠣᠡᠭᠰᠢᠭ᠌ᠰᠠᠨ ᠳᠦᠷᠣᠭ᠍ᠳᠡᠯ ᠤᠨ | ᠣᠷᠣᠯᠳᠣᠭᠠᠨ ᠳᠤ ︽ᠨᠤᠮ ᠰᠠᠶᠢᠨ ᠤᠩᠰᠢᠭᠴᠢ︾ ᠶᠢᠨ ᠱᠠᠩᠨᠠᠯ ᠢ ᠬᠦᠷᠳᠡᠵᠦ ᠰᠣᠷᠣᠭᠴᠢᠳ ᠤᠨ ᠨᠣᠮ ᠣᠡᠭᠰᠢᠬᠤ | ᠣᠷᠮ᠎ᠠ ᠶᠢ ᠬᠦᠭᠵᠢᠭᠡᠵᠡᠢ᠃ | ᠮᠠᠨ ᠤ ᠬᠤᠰᠢᠭᠤᠨ ᠤ ᠡᠯ᠎ᠡ ᠳᠣᠮᠳᠡᠳᠣ ᠪᠠᠭ᠎ᠠ ᠰᠣᠷᠭᠠᠭᠤᠯᠢ᠂ ᠬᠡᠤᠭᠡᠳ ᠤᠨ ᠴᠡᠴᠡᠷᠯᠢᠭ ᠨᠢ ᠨᠤᠮ | ᠤᠩᠰᠢᠬᠤ ᠶᠢ ᠴᠢᠬᠤᠯᠠᠴᠢᠯᠠᠨ ᠨᠤᠮ ᠰᠠᠶᠢᠨ ᠤᠩᠰᠢᠭᠰᠠᠨ ᠰᠤᠷᠤᠭᠴᠢ ᠶᠢ ᠱᠠᠩᠨᠠᠨ ᠬᠦᠭᠢᠭᠦᠯᠵᠦ ᠰᠤᠷᠤᠭᠴᠢᠳ ᠤᠨ | ᠨᠤᠮ ᠤᠩᠰᠢᠬᠤ ᠣᠷᠮ᠎ᠠ ᠵᠣᠷᠢᠭ ᠢ ᠳᠠᠶᠢᠴᠢᠯᠡᠨ ᠬᠦᠭᠵᠢᠬᠡᠵᠣ ᠰᠤᠷᠤᠭᠴᠢᠳ ᠲᠤ ᠤᠶᠤᠨ ᠤ ︽ᠰᠢᠮ᠎ᠠ ᠲᠠᠵᠢᠬᠡᠯ︾ | ᠬᠦᠷᠳᠡᠭᠡᠵᠣ ᠪᠠᠶᠢᠨ᠎ᠠ᠃ |