ᠤᠢᠢᠷ᠎ᠠ ᠳᠤ ᠭᠠᠯᠠᠭᠤᠳᠣ ᠪᠠᠯᠭᠠᠰᠣᠨ ᠤ ᠰᠠᠷᠠᠭᠤᠯᠨᠣᠳᠤᠭ ᠭᠠᠴᠠᠭ᠎ᠠ ᠠᠷᠠᠳ ᠣᠯᠠᠨ ᠤ ᠬᠦᠴᠢᠷᠳᠡᠯ ᠲᠠᠢ | ᠠᠰᠠᠭᠤᠳᠠᠯ ᠢ ᠰᠢᠢᠳᠪᠣᠷᠢᠯᠡᠬᠦ ᠪᠠᠷ ᠲᠠᠮᠵᠢᠨ ᠶᠠᠳᠠᠭᠤ ᠶᠢ ᠲᠠᠳᠬᠦᠬᠦ ᠠᠵᠢᠯ ᠤᠨ ᠠᠬᠢᠴᠠ ᠪᠠᠨ ᠴᠢᠩᠭᠠᠳᠬᠠᠵᠣ᠂ | ᠭᠠᠴᠠᠭᠠᠨ ᠤ ︽ᠬᠤᠶᠠᠷ ᠵᠦᠪᠯᠡᠯ︾᠂ ᠬᠢᠨᠡᠨ ᠵᠦᠪᠯᠡᠬᠦ ᠺᠣᠮᠢᠰ᠂ ᠭᠠᠴᠠᠭᠠᠨ ᠳᠤ ᠪᠠᠭᠤᠬᠰᠠᠨ ᠺᠠᠳ᠋ᠷ᠂ ᠭᠠᠴᠠᠭᠠᠨ ᠳᠤ | ᠠᠵᠢᠯᠯᠠᠬᠤ ᠡ᠊ᠩᠨᠡᠭᠡᠨ ᠤ ᠺᠠᠳ᠋ᠷ ᠵᠢᠴᠢ ᠮᠠᠯᠴᠢᠳ ᠵᠡᠷᠬᠡ ᠭᠤᠴᠢᠭᠠᠳ ᠬᠦᠮᠣᠨ ᠭᠠᠴᠠᠭᠠᠨ ᠲᠡᠭᠡᠷ᠎ᠡ ᠬᠤᠷᠠᠨ | ᠴᠣᠭᠯᠠᠷᠠᠵᠣ ᠶᠠᠳᠠᠭᠤ ᠬᠦᠴᠢᠷᠳᠡᠯᠳᠡᠢ ᠡᠷᠣᠭᠡ ᠠᠭᠤᠯᠠ ᠶᠢᠨ ᠪᠣᠳᠠᠳᠡᠢ ᠠᠰᠭᠤᠳᠠᠯ ᠢ ᠰᠢᠢᠳᠪᠣᠷᠢᠯᠡᠬᠦ ᠰᠣᠳᠣᠯᠣᠨ | ᠶᠠᠷᠢᠯᠴᠠᠬᠤ ᠰᠠᠭᠤᠳᠠᠯ ᠤᠨ ᠬᠤᠷᠠᠯ ᠢ ᠬᠤᠷᠠᠯᠳᠣᠭᠤᠯᠤᠭᠰᠠᠨ ᠪᠠᠶᠢᠨ᠎ᠠ᠃ | ᠰᠠᠭᠤᠳᠠᠯ ᠤᠨ ᠬᠤᠷᠠᠯ ᠳᠤ᠂ ᠠᠭᠤᠯᠠ ᠳᠤ ᠵᠣᠭᠤᠰ ᠵᠢᠬᠡᠯᠡᠭᠰᠡᠨ ᠬᠦᠮᠣᠰ ᠦᠪᠡᠷ ᠤᠨ ᠰᠠᠨᠠᠯ ᠵᠦᠪᠯᠡᠯᠬᠡ ᠪᠠᠨ | ᠦᠭᠬᠦᠭᠰᠡᠨ ᠪᠦᠬᠡᠳ ᠵᠠᠷᠢᠮ ᠨᠢ ᠵᠢᠬᠡᠯᠡᠭᠰᠡᠨ ᠵᠣᠭᠤᠰᠣᠨ ᠳᠤ ᠬᠦᠣ ᠮᠦᠩᠭᠦ ᠪᠣᠳᠣᠵᠣ ᠠᠪᠬᠤ ᠦᠬᠡᠢ᠂ ᠵᠠᠷᠢᠮ ᠨᠢ | ᠪᠠᠰᠠ ᠵᠢᠬᠡᠯᠡᠭᠰᠡᠨ ᠵᠣᠭᠤᠰᠣᠨ ᠠᠴᠠ ᠪᠠᠨ ᠨᠢᠬᠡ ᠭᠡᠰᠡᠭ ᠢ ᠨᠢ ᠬᠠᠰᠣᠵᠣ ᠲᠠᠬᠢᠨ ᠪᠠᠷᠢᠮᠳᠠ ᠪᠢᠴᠢᠬᠦ ᠪᠠᠷ ᠲᠣᠭᠳᠠᠵᠣ᠂ | ᠲᠡᠬᠦᠨ ᠳᠤ ᠲᠡᠮᠵᠢᠨ ᠲᠣᠰᠠᠯᠠᠵᠡᠢ᠃ ᠨᠣᠳᠤᠭ ᠤᠨ ᠮᠠᠯᠴᠢᠳ ᠲᠡᠳᠡᠨ ᠤ ᠡᠷᠳᠡ ᠨᠢᠬᠡᠨ ᠡᠳᠣᠷ ᠶᠠᠳᠠᠭᠤ ᠠᠴᠠ | ᠠᠩᠬᠢᠵᠢᠷᠠᠵᠤ᠂ ᠪᠠᠶᠠᠨ ᠴᠢᠨᠡᠬᠡᠯᠢᠭ ᠠᠮᠢᠳᠣᠷᠠᠯ ᠢ ᠡᠳ᠋ᠯᠡᠬᠦ ᠶᠢ ᠬᠦᠰᠡᠨ ᠵᠦᠩᠨᠡᠵᠣ᠂ ᠡᠳ᠋ ᠮᠦᠩᠬᠦ ᠪᠠ ᠣᠶᠣᠨ | ᠰᠠᠨᠠᠭᠠᠨ ᠤ ᠵᠣᠷᠢᠭᠵᠢᠭᠤᠯᠣᠯ ᠲᠡᠮᠵᠢᠯᠭᠡ ᠪᠣᠯᠣᠭᠰᠠᠨ ᠪᠠᠶᠢᠨ᠎ᠠ᠃ | ᠣᠶᠢᠯᠠᠭᠠᠭᠰᠠᠨ ᠢᠶᠠᠷ᠂ ᠰᠠᠷᠠᠭᠤᠯᠨᠣᠳᠤᠭ ᠭᠠᠴᠠᠭᠠᠨ ᠤ ᠨᠠᠮ ᠤᠨ ᠡᠬᠦᠷ ᠨᠢ ᠨᠢᠳᠣᠨᠣᠨ ᠠᠴᠠ ᠡᠬᠢᠯᠡᠵᠣ | ᠨᠠᠮ ᠤᠨ ᠬᠡᠰᠢᠬᠦᠳ ᠢᠶᠠᠨ ᠲᠠᠶᠢᠴᠢᠯᠡᠨ ᠶᠠᠳᠠᠭᠤ ᠶᠢ ᠲᠠᠳᠬᠦᠬᠦ ᠠᠵᠢᠯ ᠢ ᠨᠡᠩ ᠪᠣᠳᠠᠳᠡᠢ ᠦᠷ᠎ᠡ ᠪᠦᠳᠣᠮᠵᠢ ᠪᠠᠨ | ᠲᠡᠭᠡᠭᠰᠢᠯᠡᠬᠦᠯᠬᠦ ᠶᠢᠨ ᠲᠣᠯᠠᠳᠠ ᠲᠣᠰᠬᠠᠢ ᠬᠤᠷᠠᠯ ᠬᠤᠷᠠᠯᠳᠣᠵᠣ ᠨᠠᠮ ᠤᠨ ᠬᠡᠰᠢᠬᠦᠨ ᠪᠦᠷᠢ ᠨᠢᠬᠡ ᠶᠠᠳᠠᠭᠤ ᠡᠷᠣᠬᠡ ᠶᠢ | ᠲᠠᠭᠠᠭᠠᠴᠢᠯᠡᠨ᠂ ᠪᠣᠳᠠᠳᠣ ᠪᠠᠶᠢᠳᠠᠯ ᠢ ᠣᠶᠢᠯᠠᠭᠠᠨ ᠲᠡᠳᠬᠦᠬᠦ ᠪᠠᠷ ᠲᠡᠮᠵᠢᠨ ᠭᠠᠴᠠᠭᠠᠨ ᠤ ᠪᠦᠬᠦᠢ ᠯᠡ ᠬᠦᠴᠢᠷᠳᠡᠢ | ᠡᠷᠣᠬᠡ ᠨᠦᠭᠦᠳ ᠢᠶᠠᠨ ᠡᠷᠳᠡᠬᠡᠨ ᠶᠠᠳᠠᠭᠤ ᠠᠴᠠ ᠠᠩᠬᠢᠵᠢᠷᠠᠭᠤᠯᠵᠤ ᠪᠠᠶᠢᠨ᠎ᠠ᠃ | ᠵᠣᠴᠢᠨᠰᠠᠭ ᠵᠠᠩ ᠲᠠᠢ᠂ ᠪᠣᠶᠠᠨᠰᠠᠭ ᠰᠡᠳᠬᠢᠯ ᠲᠠᠢ ᠰᠠᠷᠠᠭᠤᠯᠨᠣᠳᠤᠭ ᠤᠨ ᠬᠦᠮᠣᠨ ᠠᠷᠠᠳ ᠨᠢ ᠠᠶᠢᠯ | ᠵᠡᠷᠭᠡᠯᠡᠳᠡᠭᠡ ᠪᠠᠨ ᠬᠠᠪᠰᠣᠷᠣᠨ ᠶᠠᠳᠠᠭᠤ ᠵᠦᠳᠡᠬᠦᠣ ᠶᠢ ᠲᠡᠳᠬᠦᠨ ᠲᠡᠮᠵᠢᠵᠣ ᠮᠣᠩᠭᠤᠯ ᠬᠦᠮᠣᠨ ᠤ ᠰᠢᠯᠢᠳᠡᠭ ᠮᠦᠰᠤ | ᠴᠢᠨᠠᠷ ᠢ ᠬᠠᠷᠠᠭᠤᠯᠣᠭᠰᠠᠨ ᠪᠠᠶᠢᠨ᠎ᠠ᠃ |