3 ᠰᠠᠷ᠎ᠠ ᠶᠢᠨ 31 ᠤ ᠡᠳᠦᠷ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ ᠵᠣᠣ | ᠹᠧᠢ ᠯᠣ᠋ ᠬᠤᠰᠢᠭᠤ ᠵᠠᠰᠠᠭ ᠤᠨ ᠣᠷᠳᠣᠨ ᠤ 2019 ᠣᠨ ᠤ 3 ᠳ᠋ᠣᠭᠠᠷ ᠣᠳᠠᠭᠠᠨ ᠤ ᠪᠠᠶᠢᠩᠭᠤ ᠶᠢᠨ ᠠᠵᠢᠯ ᠤᠨ | ᠬᠤᠷᠠᠯ ᠢ ᠡᠷᠬᠢᠯᠡᠨ ᠬᠤᠷᠠᠯᠳᠣᠭᠤᠯᠪᠠ᠃ ᠬᠤᠰᠢᠭᠤ ᠳᠡᠳ᠋ ᠳᠠᠷᠤᠭ᠎ᠠ ᠳᠣᠳᠣᠭᠠᠲᠣ ᠶᠢ ᠬᠠᠮᠠᠭᠠᠯᠠᠬᠤ ᠳᠣᠪᠴᠢᠶᠠᠨ | ᠳᠠᠷᠤᠭ᠎ᠠ ᠭᠤᠣ ᠬᠣ᠋᠂ ᠬᠤᠰᠢᠭᠤ ᠳᠡᠳ᠋ ᠳᠠᠷᠤᠭ᠎ᠠ ᠵᠧᠦ ᠱᠤᠸᠠᠢ᠂ ᠪᠠᠶᠠᠨᠴᠡᠩᠬᠡᠯ᠂ ᠪᠠᠶᠠᠨᠴᠢᠮᠡᠭ ᠬᠤᠷᠠᠯ ᠳᠤ | ᠣᠷᠣᠯᠴᠠᠵᠦ᠂ ᠬᠤᠰᠢᠭᠤ ᠠᠷᠠᠳ ᠤᠨ ᠵᠡᠪᠰᠡᠭᠲᠦ ᠬᠦᠴᠦᠨ ᠤ ᠬᠡᠯᠳᠡᠰ ᠤᠨ ᠳᠠᠷᠤᠭ᠎ᠠ ᠬᠤᠸᠠᠩ ᠳ᠋ᠠᠨ᠂ ᠵᠢᠩᠭᠢᠨᠢ | ᠭᠠᠵᠠᠷ ᠤᠨ ᠲᠡᠰ ᠤᠨ ᠤᠳᠤᠷᠢᠳᠤᠯᠭ᠎ᠠ ᠯᠢ ᠵᠢᠶᠠᠨ ᠱᠢ ᠬᠤᠷᠠᠯ ᠳᠤ ᠰᠣᠯᠠ ᠣᠷᠣᠯᠴᠠᠵᠦ᠂ ᠬᠤᠰᠢᠭᠤ ᠵᠠᠰᠠᠭ ᠤᠨ | ᠣᠷᠳᠣᠨ ᠤ ᠠᠯᠪᠠᠨ ᠬᠡᠷ᠂ ᠬᠦᠭᠵᠢᠬᠦᠯᠦᠯᠲᠡ ᠪᠠ ᠦᠬᠡᠷᠡᠴᠢᠯᠡᠯᠳᠡ ᠶᠢᠨ ᠵᠦᠪᠯᠡᠯ᠂ ᠡᠳ᠋ ᠤᠨ ᠵᠠᠰᠠᠭ ᠤᠨ | ᠳᠣᠪᠴᠢᠶ᠎ᠠ᠂ ᠳᠤᠭ᠎ᠠ ᠪᠦᠷᠢᠳᠭᠡᠯ ᠤᠨ ᠳᠣᠪᠴᠢᠶ᠎ᠠ ᠵᠡᠷᠭᠡ ᠬᠠᠮᠢᠶ᠎ᠠ ᠪᠦᠬᠦᠢ ᠰᠠᠯᠠᠭ᠎ᠠ ᠮᠦᠴᠢᠷ ᠤᠨ | ᠬᠠᠷᠢᠭᠤᠴᠠᠯᠭᠠᠳᠠᠨ ᠬᠤᠷᠠᠯ ᠳᠤ ᠣᠷᠣᠯᠴᠠᠪᠠ᠃ | | | | | | | ᠬᠤᠷᠠᠯ ᠠᠴᠠ ︽ᠦᠦᠰᠢᠨ ᠬᠤᠰᠢᠭᠤᠨ ᠤ ᠬᠤᠳᠳᠤᠭ ᠦᠷᠦᠮᠳᠡᠬᠦ ᠠᠵᠢᠯ ᠤᠨ ᠬᠠᠮᠢᠶᠠᠷᠣᠯᠳᠠ ᠶᠢᠨ ᠠᠷᠭ᠎ᠠ | ︾᠂ ︽ᠦᠦᠰᠢᠨ ᠬᠤᠰᠢᠭᠤᠨ ᠤ ᠮᠠᠰᠢᠨ ᠴᠠᠬᠢᠯᠭᠠᠨ ᠬᠤᠳᠳᠤᠭ ᠤᠨ ᠲᠠᠩᠰᠠᠯᠠᠯ ᠤᠨ ᠦᠨᠡᠮᠯᠡᠯ ᠢ ᠬᠦᠢᠴᠡᠳᠭᠡᠬᠦ | ᠠᠵᠢᠯ ᠢ ᠦᠷᠨᠢᠬᠦᠯᠬᠦ ᠳᠣᠬᠠᠢ ᠬᠡᠷᠡᠭᠵᠢᠬᠦᠯᠬᠦ ᠳᠦᠰᠦᠯ︾᠂ ︽S215 ᠱᠣᠭᠤᠮ ᠤᠨ ᠲᠦᠩᠽᠢ ᠠᠴᠠ ᠬᠠᠢ ᠽᠧ | ᠫᠠᠨ ︵ᠦᠪᠦᠷ ᠮᠣᠩᠭᠤᠯ ᠪᠠ ᠱᠠᠨᠰᠢ ᠶᠢᠨ ᠬᠢᠵᠠᠭᠠᠷ︶ ᠬᠦᠷᠬᠦ ᠨᠢᠬᠡᠳᠦᠬᠡᠷ ᠳᠡᠰ ᠤᠨ ᠵᠠᠰᠠᠮᠠᠯ ᠵᠠᠮ ᠢ ᠵᠠᠰᠠᠬᠤ ᠶᠢ | ᠬᠡᠷᠡᠭᠵᠢᠬᠦᠯᠬᠦ ᠳᠦᠰᠦᠯ︾ ᠵᠡᠷᠭᠡ ᠶᠢ ᠬᠢᠨᠠᠨ ᠪᠠᠳᠣᠯᠠᠵᠦ᠂ ᠪᠠᠳᠣ ᠶᠢᠨ ᠳᠣᠬᠤᠢ ᠶᠢᠨ ᠣᠰᠣᠨ ᠴᠦᠬᠦᠷᠦᠮ ᠤᠨ | ᠠᠶᠤᠯ ᠢ ᠠᠷᠢᠯᠭᠠᠵᠤ ᠠᠶᠣᠯᠬᠦᠢ ᠶᠢ ᠪᠠᠬᠢᠵᠢᠬᠦᠯᠬᠦ ᠪᠠ ᠪᠠᠢ ᠾᠧ ᠵᠡᠷᠭᠡ ᠭᠤᠤᠯ ᠢ ᠴᠡᠭᠴᠡᠯᠡᠬᠦ᠂ ᠰᠢᠨᠵᠢᠯᠡᠬᠦ | ᠤᠬᠠᠭᠠᠨ ᠲᠧᠭᠨᠢᠭ ᠮᠡᠷᠭᠡᠵᠢᠯ ᠤᠨ ᠣᠷᠳᠣᠨ ᠢ ᠪᠠᠷᠢᠬᠤ᠂ ᠬᠤᠨᠵᠢᠨ ᠴᠠᠶᠢᠳᠠᠮ ᠤᠨ ᠳᠠᠷᠢᠶᠠᠯᠠᠩ ᠤᠨ ᠠᠷᠠᠯᠵᠢᠶᠠᠨ ᠤ | ᠵᠠᠬ᠎ᠠ ᠳᠡᠯᠬᠡᠬᠦᠷ ᠢ ᠦᠷᠬᠦᠯᠵᠢᠯᠡᠨ ᠪᠠᠶᠢᠭᠤᠯᠬᠤ᠂ ᠭᠠᠯᠠᠭᠤᠲᠣ ᠪᠠᠯᠭᠠᠰᠣᠨ ᠤ ᠭᠠᠵᠠᠷ ᠰᠢᠷᠤᠢ ᠶᠢᠨ ᠦᠯᠡᠳᠡᠭᠳᠡᠯ | ᠠᠰᠠᠭᠤᠳᠠᠯ ᠢ ᠰᠢᠢᠳᠪᠦᠷᠢᠯᠡᠬᠦ᠂ ᠪᠠᠷᠢᠯᠭ᠎ᠠ ᠶᠢᠨ ᠮᠠᠲ᠋ᠧᠷᠢᠶᠠᠯ ᠢ ᠪᠣᠯᠪᠠᠰᠣᠷᠠᠭᠤᠯᠬᠤ ᠦᠢᠯᠡᠳᠪᠦᠷᠢ ᠪᠠ ᠮᠠᠰᠢᠨ ᠲᠤᠨᠤᠭ | ᠳᠦᠷᠢᠶᠡᠰᠦᠯᠡᠬᠦ ᠵᠠᠬ᠎ᠠ ᠳᠡᠯᠬᠡᠬᠦᠷ ᠪᠠᠶᠢᠭᠤᠯᠬᠤ᠂ ᠬᠤᠭ ᠨᠤᠪᠰᠢ ᠰᠢᠢᠳᠪᠦᠷᠢᠯᠡᠬᠦ ᠭᠠᠵᠠᠷ ᠢ ᠰᠢᠨ᠎ᠡ ᠪᠠᠷ ︵ | ᠦᠷᠭᠡᠳᠭᠡᠨ︶ ᠪᠠᠶᠢᠭᠤᠯᠬᠤ᠂ ᠣᠷᠣᠨ ᠰᠠᠭᠤᠴᠡ ᠶᠢᠨ ᠣᠷᠴᠢᠨ ᠳᠣᠭᠤᠷᠢᠨ ᠢ ᠴᠡᠭᠴᠡᠯᠡᠨ ᠵᠠᠰᠠᠬᠤ ᠢᠨᠵᠧᠨᠧᠷᠢᠩ | ᠤᠨ ᠪᠠᠶᠢᠭᠤᠯᠣᠯᠲᠠ ᠪᠠ ᠭᠤᠣᠯᠳᠠᠯᠭ᠎ᠠ ᠲᠠᠢ ᠬᠤᠳᠠ ᠶᠢᠨ ᠪᠠᠶᠢᠭᠤᠯᠣᠯᠲᠠ ᠶᠢᠨ ᠳᠦᠷᠦᠯ ᠵᠦᠢᠯ ᠵᠡᠷᠭᠡ ᠣᠴᠢᠷ | ᠶᠠᠪᠣᠳᠠᠯ ᠢ ᠰᠣᠳᠣᠯᠣᠨ ᠵᠦᠪᠰᠢᠶᠡᠷᠡᠪᠡ᠃ | ᠬᠤᠷᠠᠯ ᠠᠴᠠ ᠴᠢᠬᠤᠯᠠᠴᠢᠯᠠᠬᠤ ᠳᠠᠭᠠᠨ᠂ ᠰᠣᠳᠣᠯᠣᠨ ᠵᠦᠪᠰᠢᠶᠡᠷᠡᠭᠰᠡᠨ ᠲᠦᠷᠦᠯ ᠵᠦᠢᠯ ᠪᠣᠯ ᠴᠦᠮ ᠠᠷᠠᠳ | ᠤᠨ ᠠᠮᠢᠳᠣᠷᠠᠯ ᠲᠠᠢ ᠨᠢᠭᠳᠠ ᠬᠤᠯᠪᠣᠭᠳᠠᠵᠦ ᠪᠠᠶᠢᠭ᠎ᠠ ᠣᠴᠢᠷ ᠮᠦᠨ᠃ ᠡᠯ᠎ᠡ ᠰᠣᠮᠣ ᠪᠠᠯᠭᠠᠰᠣ ᠪᠠ ᠬᠠᠮᠢᠶ᠎ᠠ ᠪᠦᠬᠦᠢ | ᠰᠠᠯᠠᠭ᠎ᠠ ᠮᠦᠴᠢᠷ ᠡᠬᠦᠷᠭᠡ ᠪᠠᠨ ᠪᠣᠳᠠᠳᠠᠶᠢᠵᠢᠭᠤᠯᠵᠦ ᠠᠵᠢᠯ ᠤᠨ ᠳᠦᠰᠦᠯ ᠢᠶᠠᠨ ᠳᠡᠬᠦᠯᠳᠡᠷᠵᠢᠬᠦᠯᠵᠦ ᠳᠦᠷᠦᠯ | ᠵᠦᠢᠯ ᠢ ᠲᠦᠷᠭᠡᠨ ᠪᠠᠶᠢᠭᠤᠯᠵᠤ ᠴᠠᠭ ᠲᠠᠭᠠᠨ ᠳᠠᠭᠤᠰᠬᠠᠨ ᠬᠡᠷᠡᠭᠯᠡᠯᠳᠡ ᠳᠤ ᠣᠷᠣᠭᠤᠯᠵᠦ ᠣᠯᠠᠨ ᠲᠦᠮᠡᠨ ᠤ | ᠦᠨᠳᠦᠰᠦᠨ ᠦᠢᠯᠡᠳᠪᠦᠷᠢᠯᠡᠯ ᠠᠮᠢᠳᠣᠷᠠᠯ ᠤᠨ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ ᠬᠡᠵᠡᠢ᠃ | ᠬᠤᠷᠠᠯ ᠳᠡᠭᠡᠷ᠎ᠡ ᠪᠠᠰᠠ ᠪᠣᠰᠣᠳ ᠣᠴᠢᠷ ᠢ ᠰᠣᠳᠣᠯᠣᠨ ᠶᠠᠷᠢᠯᠴᠠᠪᠠ᠃ |