4 ᠰᠠᠷ᠎ᠠ ᠶᠢᠨ 23 ᠤ ᠡᠳᠦᠷ ᠲᠡᠯᠡᠬᠡᠢ ᠶᠢᠨ ᠬᠤᠷᠢᠨ ᠲᠦᠷᠪᠡᠳᠡᠬᠢ ︽ᠨᠤᠮ ᠤᠩᠰᠢᠬᠤ ᠡᠳᠦᠷ︾ ᠵᠢᠴᠢ ︽ | ᠡᠬᠡ ᠰᠤᠶᠤᠯ ᠢᠶᠠᠨ ᠲᠡᠭᠡᠳᠦᠯᠡᠨ ᠡᠷᠳᠡᠮ ᠨᠤᠮ ᠲᠠᠢ ᠨᠦᠬᠦᠷᠯᠡᠨ ᠦᠭᠡᠳᠡᠷᠬᠡᠭ ᠠᠮᠢᠳᠤᠷᠠᠬᠤ︾ ᠲᠦᠮᠡᠨ ᠠᠷᠠᠳ ᠢᠶᠠᠷ | ᠢᠶᠠᠨ ᠨᠤᠮ ᠤᠩᠰᠢᠬᠤ ᠠᠵᠢᠯᠯᠠᠭ᠎ᠠ ᠬᠤᠰᠢᠭᠤ ᠰᠤᠶᠤᠯ ᠤᠨ ᠪᠦᠲᠦᠭᠡᠯᠲᠡ ᠠᠵᠤ ᠦᠢᠯᠡᠰ ᠤᠨ ᠬᠦᠷᠢᠶᠡᠯᠡᠩ ᠳᠤ | ᠶᠠᠪᠤᠭᠳᠠᠪᠠ᠃ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ ᠤᠬᠠᠭᠤᠯᠬᠤ ᠭᠡᠯᠲᠡᠰ ᠤᠨ ᠲᠠᠷᠤᠭ᠎ᠠ | ᠹᠧᠩ ᡁᠢ ᠮᠢᠩ᠂ ᠬᠤᠰᠢᠭᠤ ᠲᠡᠳ᠋ ᠲᠠᠷᠤᠭ᠎ᠠ ᠯᠢ ᠬᠤᠩ ᠯᠢᠶᠠᠩ᠂ ᠬᠤᠰᠢᠭᠤ ᠰᠤᠶᠤᠯ ᠪᠠ ᠵᠢᠭᠤᠯᠴᠢᠯᠠᠯ ᠤᠨ | ᠲᠤᠪᠴᠢᠶ᠎ᠠ᠂ ᠤᠶᠤᠨ ᠤ ᠪᠤᠯᠪᠠᠰᠤᠨ ᠤ ᠠᠯᠪᠠᠨ ᠭᠡᠷ᠂ ᠰᠢᠨ᠎ᠡ ᠴᠠᠭ ᠦᠶ᠎ᠡ ᠶᠢᠨ ᠪᠤᠯᠪᠠᠰᠤᠨ ᠢ ᠦᠢᠯᠡᠳᠦᠯᠭᠡᠵᠢᠭᠦᠯᠬᠦ | ᠲᠦᠪ᠂ ᠨᠤᠮ ᠤᠨ ᠰᠠᠩ᠂ ᠪᠡᠭᠡᠵᠢᠩ ᠤᠨ ᠮᠡᠳᠡᠭᠡ ᠵᠠᠩᠬᠢ ᠶᠢᠨ ᠮᠡᠷᠭᠡᠵᠢᠯ ᠤᠨ ᠬᠢᠵᠠᠭᠠᠷᠲᠤ ᠺᠤᠮᠫᠠᠨᠢ ᠵᠡᠷᠭᠡ | ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠶᠢᠨ ᠬᠠᠷᠢᠭᠤᠴᠠᠯᠭᠠᠲᠠᠳ ᠵᠢᠴᠢ ᠰᠤᠷᠤᠭᠴᠢᠳ᠂ ᠭᠡᠷ ᠤᠨ ᠠᠬᠠᠮᠠᠳ ᠵᠡᠷᠭᠡ | 400 ᠭᠠᠷᠤᠢ ᠬᠦᠮᠦᠨ ᠣᠷᠣᠯᠴᠠᠪᠠ᠃ | | | | | | | ᠠᠵᠢᠯᠯᠠᠭ᠎ᠠ ᠳᠡᠭᠡᠷ᠎ᠡ᠂ 2018 ᠤᠨ ᠤ ᠬᠤᠲᠠ ᠶᠢᠨ ᠲᠡᠰ ᠤᠨ ᠪᠦᠬᠦ ᠠᠷᠠᠳ ᠢᠶᠠᠷ ᠢᠶᠠᠨ ᠨᠤᠮ | ᠤᠩᠰᠢᠬᠤ ᠲᠡᠷᠢᠭᠦᠨ ᠤ ᠬᠠᠮᠲᠤ ᠨᠢᠭᠡᠴᠢ᠂ ︽ᠨᠤᠮ ᠤᠨ ᠪᠤᠶᠠᠨᠲᠤ ᠭᠡᠷ ᠪᠦᠯᠢ︾ ᠵᠢᠴᠢ 2019 ᠣᠨ ᠤ | ᠬᠤᠰᠢᠭᠤ ᠳᠡᠰ ᠤᠨ ︽ᠨᠤᠮ ᠤᠨ ᠪᠤᠶᠠᠨᠲᠤ ᠰᠤᠷᠭᠠᠭᠤᠯᠢ ᠶᠢᠨ ᠬᠦᠷᠢᠶ᠎ᠡ︾᠂ ︽ᠨᠤᠮ ᠤᠨ ᠪᠤᠶᠠᠨᠲᠤ ᠭᠡᠷ ᠪᠦᠯᠢ︾ | ᠵᠡᠷᠭᠡ ᠶᠢ ᠲᠤᠰ ᠲᠤᠰ ᠱᠠᠩᠨᠠᠨ ᠬᠦᠬᠢᠭᠦᠯᠬᠦ ᠶᠢᠨ ᠬᠠᠮᠲᠤ ᠲᠤᠬᠠᠢ ᠶᠢᠨ ᠲᠠᠯᠠᠪᠠᠢ ᠳᠤ ᠦᠨ᠎ᠡ ᠲᠦᠯᠦᠪᠦᠷᠢ ᠦᠭᠡᠢ | ᠪᠠᠷ ᠨᠤᠮ ᠵᠢᠭᠡᠯᠡᠭᠦᠯᠦᠨ ᠦᠭᠴᠦ ᠤᠩᠰᠢᠭᠴᠢᠳ ᠤᠨ ᠠᠩᠬᠠᠷᠤᠯ ᠢ ᠲᠠᠳᠠᠭᠰᠠᠨ ᠪᠠᠶᠢᠨ᠎ᠠ᠃ ᠪᠠᠰᠠ ᠡᠯ᠎ᠡ | ᠪᠠᠶᠢᠭᠤᠯᠭ᠎ᠠ ᠨᠢᠭᠡᠴᠢ ᠪᠤᠯᠤᠨ ᠰᠤᠷᠤᠭᠴᠢᠳ ᠠᠴᠠ ᠤᠷᠠᠨ ᠰᠠᠶᠢᠬᠠᠨ ᠤ ᠲᠤᠭᠯᠠᠯᠲᠠ ᠭᠠᠷᠭᠠᠵᠤ ᠨᠤᠮ ᠤᠩᠰᠢᠬᠤ | ᠡᠳᠦᠷ ᠢ ᠤᠳᠬ᠎ᠠ ᠠᠭᠤᠯᠭ᠎ᠠ ᠲᠠᠢ ᠦᠩᠭᠡᠷᠡᠬᠦᠯᠦᠭᠰᠡᠨ ᠪᠠᠶᠢᠨ᠎ᠠ᠃ | | | | | | | ᠤᠶᠢᠯᠠᠭᠠᠭᠰᠠᠨ ᠢᠶᠠᠷ᠂ ᠲᠤᠰ ᠤᠳᠠᠭᠠᠨ ᠤ ᠠᠵᠢᠯᠯᠠᠭ᠎ᠠ ᠶᠢ ᠬᠤᠰᠢᠭᠤ ᠨᠠᠮ ᠤᠨ ᠬᠤᠷᠢᠶ᠎ᠠ᠂ ᠵᠠᠰᠠᠭ ᠤᠨ | ᠤᠷᠳᠤᠨ᠂ ᠤᠬᠠᠭᠤᠯᠬᠤ ᠬᠡᠯᠲᠡᠰ᠂ ᠤᠶᠤᠨ ᠤ ᠪᠤᠯᠪᠠᠰᠤᠨ ᠤ ᠪᠠᠶᠢᠭᠤᠯᠤᠯᠲᠠ ᠶᠢᠨ ᠵᠦᠪᠯᠠᠯ ᠤᠨ ᠠᠯᠪᠠᠨ ᠭᠡᠷ᠂ | ᠰᠤᠶᠤᠯ ᠪᠤᠯᠤᠨ ᠵᠢᠭᠤᠯᠴᠢᠯᠠᠯ ᠤᠨ ᠲᠤᠪᠴᠢᠶᠠᠨ ᠠᠴᠠ ᠭᠤᠤᠯᠯᠠᠨ ᠡᠷᠬᠢᠯᠡᠵᠤ᠂ ᠬᠤᠰᠢᠭᠤ ᠨᠤᠮ ᠤᠨ ᠰᠠᠩ᠂ | ᠪᠡᠭᠡᠵᠢᠩ ᠤᠨ ᠮᠡᠳᠡᠭᠡ ᠵᠠᠩᠬᠢ ᠶᠢᠨ ᠮᠡᠷᠭᠡᠵᠢᠯ ᠤᠨ ᠬᠢᠵᠠᠭᠠᠷᠲᠤ ᠺᠤᠮᠫᠠᠨᠢ ᠠᠴᠠ ᠲᠠᠭᠠᠭᠠᠴᠢᠯᠠᠨ ᠡᠷᠬᠢᠯᠡᠪᠡ᠃ | | | | | | | |