ᠲᠦᠯ ᠳᠡᠭᠡᠨ ᠲᠠᠭᠤᠤ ᠲᠠᠭᠤᠯᠠᠳᠠᠭ ᠮᠠᠯᠴᠢᠨ ᠪᠦᠰᠡᠬᠦᠢ ᠤᠳᠬᠠᠨᠴᠡᠴᠡᠭ
ᠨᠡᠶᠢᠲᠡᠯᠡᠭᠰᠡᠨ ᠴᠠᠭ᠄
2019-04-08
     ᠢᠷᠭᠤᠢ ᠨᠢᠳᠤᠯᠠᠵᠤ ᠬᠠᠨᠭ᠍ᠰᠢ ᠶᠢᠨ ᠨᠤᠭᠤᠭ᠎ᠠ ᠴᠤᠬᠤᠢᠢᠬᠤ ᠳᠤ ᠬᠠᠪᠤᠷ ᠤᠨ ᠬᠥᠳᠡᠭᠡ ᠨᠣᠳᠤᠭ ᠲᠤ ᠲᠦᠯ ᠤᠨ ᠲᠠᠭᠤᠨ ᠢᠶᠠᠷ ᠤᠶᠠᠩᠭᠠᠷᠠᠨ᠎ᠠ᠃ ᠥᠥᠰᠢᠨ ᠬᠤᠰᠢᠭᠤᠨ ᠤ ᠮᠤᠩᠭᠤᠯᠴᠣᠳ ᠬᠡᠵᠤ ᠬᠡᠯᠡ ᠠᠮᠠ ᠤᠷᠠᠨ ᠢᠶᠠᠷ ᠢᠶᠠᠨ ᠣᠷᠳᠣᠰ ᠨᠣᠳᠤᠭ ᠲᠠᠭᠠᠨ ᠣᠷᠦ᠋ᠢᠯᠠᠵᠣ᠂ ︽ᠠᠯᠳᠠᠨ ᠭᠤᠷᠭᠤᠤᠯᠳᠠᠢ︾ ᠬᠡᠰᠡᠨ ᠴᠤᠯᠡ ᠲᠠᠢ ᠪᠠᠶᠢᠳᠠᠭ ᠪᠢᠯᠠ᠃ ᠵᠢᠷ ᠤᠨ ᠨᠢᠭᠡᠡ ᠮᠠᠯᠴᠢᠨ ᠢ ᠲᠠᠳᠠᠭᠠᠳ ᠭᠠᠷᠭᠠᠪᠠᠴᠤ ᠢᠷᠠᠭᠤ ᠨᠠᠶᠢᠷᠠᠭ ᠣᠶᠠᠩᠭᠠᠯᠠᠠ ᠠᠶ ᠎ᠠ ᠲᠠᠭᠤᠣ ᠬᠠᠩᠬᠢᠨᠠᠭᠤᠯᠵᠤ ᠴᠢᠳᠠᠳᠠᠭ ᠶᠤᠮᠰᠠᠨ᠃ ᠤᠷᠴᠢᠮ ᠤᠨ ᠡᠳᠥᠷ ᠤᠳ ᠲᠤ ᠬᠠᠪᠤᠷ ᠤᠨ ᠲᠦᠯ ᠢᠶᠠᠨ ᠲᠤᠰᠴᠤ ᠶᠠᠭᠠᠷᠠᠵᠣ ᠪᠠᠶᠢᠭ᠎ᠠ ᠮᠠᠯᠴᠢᠨ ᠪᠦᠰᠡᠬᠦᠢ ᠤᠳᠬᠠᠨᠴᠡᠴᠡᠭ ᠲᠦᠯ ᠳᠡᠭᠡᠨ ᠣᠷᠳᠤᠰ ᠠᠷᠠᠳ ᠤᠨ ᠲᠠᠭᠤᠤ ᠲᠠᠭᠤᠯᠠᠵᠤ ᠪᠠᠶᠢᠭ᠎ᠠ ᠸᠢᠳᠢᠣ᠋ ᠵᠢᠷᠬᠢᠶ᠎ᠡ ᠪᠠᠷ ᠰᠠᠴᠤᠭᠳᠠᠵᠤ᠂ ᠬᠠᠪᠤᠷ ᠤᠨ ᠲᠦᠯ ᠢᠶᠠᠨ ᠲᠤᠰᠴᠤ ᠶᠠᠭᠠᠷᠠᠯᠳᠤᠵᠤ ᠪᠠᠶᠢᠭ᠎ᠠ ᠮᠠᠯᠴᠢᠨ ᠬᠦᠮᠦᠨ ᠤ ᠰᠡᠳᠬᠢᠯ ᠢ ᠲᠡᠨᠢᠢᠯᠭᠡᠡ᠂ ᠪᠠᠶᠠᠷ ᠪᠠᠭ᠋ᠠᠳᠤᠯ ᠠᠪᠴᠢᠷᠠᠭᠰᠠᠨ ᠪᠠᠶᠢᠨ᠎ᠠ᠃
    ᠣᠳᠬᠠᠨᠴᠠᠴᠡᠭ ᠪᠣᠯ ᠥᠤᠰᠢᠨ ᠬᠤᠰᠢᠭᠤᠨ ᠤ ᠤᠯᠠᠭᠠᠨᠲᠤᠯᠤᠭᠠᠢ ᠪᠠᠯᠭᠠᠰᠤ ᠶᠢᠨ ᠪᠠᠶᠠᠨᠭᠤᠤᠯ ᠭᠠᠴᠠᠭᠠᠨ ᠤ ᠨᠢᠬᠡᠨ ᠡᠬᠡᠯ ᠵᠢᠷ ᠤᠨ ᠮᠠᠯᠴᠢᠨ ᠶᠤᠮ᠃ ᠲᠡᠷᠡ ᠬᠠᠷᠠᠬᠠᠨ ᠪᠠᠭ᠎ᠠ ᠠᠴᠠ ᠪᠠᠨ ᠲᠠᠭᠤᠤ ᠤᠷᠠᠯᠢᠭ ᠲᠤ ᠲᠤᠷ᠎ᠡ ᠪᠠᠬ᠎ᠠ ᠲᠠᠢ ᠪᠤᠯᠬᠤᠷ ᠠᠪᠤ ᠡᠵᠢ ᠪᠣᠯᠣᠠ ᠨᠤᠳᠤᠭ ᠤᠨ ᠪᠤᠭᠤᠷᠤᠯᠴᠤᠳ ᠠᠴᠠ ᠪᠠᠨ ᠤᠷᠳᠤᠰ ᠠᠷᠠᠳ ᠤᠨ ᠲᠠᠭᠤᠤ ᠶᠢ ᠰᠤᠷᠴᠤ᠂ ᠮᠠᠯ ᠤᠨ ᠪᠡᠯᠴᠢᠭᠡᠷ ᠲᠡᠭᠡᠨ ᠲᠠᠭᠤᠤ ᠪᠠᠨ ᠲᠠᠭᠤᠯᠠᠵᠤ ᠮᠠᠯ ᠢᠶᠠᠨ ᠬᠠᠷᠢᠭᠤᠯᠵᠣ ᠶᠠᠪᠤᠳᠠᠭ ᠪᠠᠶᠢᠭᠰᠠᠠ᠃ ᠡᠳᠤᠬᠡ ᠮᠥᠨ ᠯᠠ ᠲᠠᠭᠤᠣ ᠪᠠᠨ ᠲᠠᠭᠤᠯᠠᠠ ᠲᠦᠮᠡᠨ ᠤᠯᠠᠨ ᠳᠠᠭᠠᠨ ᠤᠯᠠᠮᠵᠢᠯᠠᠨ ᠶᠠᠪᠤᠭᠰᠠᠭᠠᠷ ᠪᠠᠶᠢᠭ᠎ᠠ᠃ ᠲᠡᠭᠡᠪᠡᠯ ᠲᠡᠷᠡ ᠶᠠᠭᠤᠨ ᠳᠤ ᠲᠦᠯ ᠳᠡᠭᠡᠨ ᠲᠠᠭᠤᠤ ᠲᠠᠭᠤᠯᠠᠳᠠᠭ ᠪᠢᠯᠡ︖ ᠤᠳᠬᠠᠨᠴᠡᠴᠡᠭ ᠰᠣᠷᠪᠣᠯᠵᠢᠯᠠᠭᠴᠢ ᠳᠤ᠄ ︽ᠮᠠᠠ ᠤ ᠮᠠᠯᠴᠢᠳ ᠤᠳᠤ ᠶᠠᠭ ᠬᠠᠪᠤᠷ ᠤᠨ ᠲᠦᠯ ᠲᠤᠰᠴᠤ ᠶᠠᠭᠠᠷᠠᠯᠳᠤᠨ᠎ᠡ᠃ ᠪᠢ ᠴᠤ ᠠᠳᠠᠯᠢᠠᠬᠨ ᠬᠤᠨᠢ ᠬᠤᠷᠠᠭ᠎ᠠ ᠪᠠᠨ ᠰᠠᠯᠭᠠᠨ ᠢᠯᠭᠠᠵᠤ ᠲᠡᠵᠢᠬᠡᠬᠦ ᠳᠤ ᠨᠢᠯᠬ᠎ᠠ ᠬᠤᠷᠠᠭ᠎ᠠ ᠡᠵᠢ ᠪᠠᠨ ᠬᠦᠬᠦᠬᠦ ᠬᠡᠵᠤ ᠡᠷᠢᠯ ᠪᠤᠯᠵᠤ᠂ ᠡᠬᠡ ᠨᠢ ᠴᠤ ᠬᠤᠷᠠᠭ᠎ᠠ ᠪᠠᠨ ᠨᠡᠬᠡᠵᠤ ᠮᠠᠶᠢᠯᠠᠭᠠᠳ ᠯᠡ ᠪᠠᠶᠢᠳᠠᠭ᠃ ᠬᠤᠨᠢᠨ ᠬᠤᠷᠣᠭᠠᠠ ᠳᠤ ᠬᠤᠨᠢ ᠬᠤᠷᠠᠭ᠎ᠠ ᠮᠠᠶᠢᠯᠠᠯᠳᠣᠵᠤ ᠶᠠᠭ ᠨᠠᠶᠢᠷ ᠪᠠᠷᠢᠵᠤ ᠪᠠᠶᠢᠭ᠎ᠠ ᠰᠢᠬ ᠰᠤᠨᠤᠰᠳᠠᠬᠤ ᠪᠣᠯᠬᠤᠷ ᠥᠪᠡᠷ ᠤᠨ ᠡᠷᠭᠡ ᠥᠭᠡᠢ ᠰᠡᠳᠬᠢᠯ ᠬᠥᠳᠡᠯᠥᠨ᠂ ᠲᠦᠯ ᠲᠠᠢ ᠪᠠᠨ ᠬᠠᠮᠳᠤ ᠥᠷᠭᠦᠯᠵᠢ ᠲᠠᠭᠤᠯᠠᠳᠠᠭ︾ ᠬᠡᠵᠤ ᠶᠠᠷᠢᠨ᠎ᠡ᠃ ᠲᠡᠷᠡ ᠲᠦᠯ ᠳᠡᠭᠡᠨ ᠲᠠᠭᠤᠤ ᠲᠠᠭᠤᠯᠠᠬᠤ ᠶᠢᠨ ᠲᠠᠭᠠᠣ ᠳᠤ ᠲᠥᠯ ᠢᠶᠠᠨ ᠨᠠᠷᠢᠨ ᠨᠢᠮᠪᠠᠢ ᠠᠷᠠᠴᠢᠯᠠᠠ ᠪᠤᠶᠢᠵᠢᠭᠤᠯᠳᠠᠭ ᠪᠤᠯᠬᠤᠷ ᠮᠠᠯ ᠨᠢ ᠴᠥ ᠵᠢᠯ ᠲᠠᠷᠠᠭᠠᠯᠠᠠ ᠥᠨᠢᠷ ᠥᠰᠳᠡᠭ ᠪᠢᠯᠡ᠃ ᠡᠨᠡ ᠵᠢᠯ ᠲᠡᠳᠡᠨᠡᠶᠢᠬᠢᠨ 200 ᠭᠠᠷᠣᠢ ᠬᠤᠨᠢᠨ ᠠᠴᠠ ᠪᠠᠨ 90 ᠭᠠᠷᠣᠢ ᠲᠦᠯ ᠲᠤᠰᠣᠭᠰᠠᠠ ᠪᠠᠶᠢᠨ᠎ᠡ᠃
    ᠤᠳᠬᠠᠨᠴᠡᠴᠡᠭ ᠤᠷᠢᠳ ᠬᠤᠵᠢᠳ ᠥᠤᠰᠢᠨ ᠬᠤᠰᠢᠭᠤᠨ ᠤ ︽ᠤᠯᠡᠨ ᠬᠤᠷᠠᠬᠤ︾ ᠤᠳᠬ᠎ᠠ ᠤᠷᠠᠯᠢᠭ ᠤᠨ ᠴᠢᠭᠤᠯᠭᠠᠠ ᠳᠤ ᠣᠷᠣᠯᠴᠠᠵᠣ᠂ ᠲᠠᠭᠤᠣ ᠶᠢᠨ ᠤᠷᠤᠯᠳᠤᠭᠠᠨ ᠤ ᠨᠢᠬᠡᠳᠦᠭᠡᠷ᠂ ᠬᠤᠶᠠᠳᠣᠭᠠᠷ᠂ ᠭᠤᠷᠪᠠᠳᠤᠭᠠᠷ ᠲᠡᠰ ᠤᠨ ᠱᠠᠩᠨᠡᠯ ᠢ ᠣᠯᠠᠠᠳᠡ ᠬᠦᠷᠳᠡᠵᠤ ᠥᠩᠬᠡᠷᠡᠪᠡ᠃ 2015 ᠤᠨ ᠳᠤ ᠺᠣᠷᠢᠶᠠ ᠤᠯᠤᠰ ᠲᠤ ᠪᠤᠯᠤᠭᠰᠡᠨ ᠤᠯᠡᠨ ᠤᠯᠤᠰ ᠤᠨ ᠲᠠᠭᠤᠴᠢᠳ ᠤᠨ ᠣᠷᠤᠯᠳᠤᠭᠠᠨ ᠳᠤ ᠤᠷᠤᠯᠴᠠᠭᠠᠳ ᠮᠦᠩᠬᠦᠨ ᠮᠧᠳᠠᠯ ᠭᠠᠷᠳᠠᠵᠠᠢ᠃ 2017 ᠤᠨ ᠳᠤ ᠭᠤᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠥᠨᠳᠤᠰᠤᠳᠠᠨ ᠤ ᠢᠵᠠᠭᠤᠷ ᠲᠠᠭᠤᠯᠠᠯᠭ᠎ᠠ ᠶᠢᠨ ᠲᠤᠭᠤᠶᠢᠯᠠᠩ ᠤᠨ ᠤᠷᠤᠯᠳᠤᠭᠠᠨ ᠳᠤ ᠤᠷᠤᠯᠴᠠᠭᠠᠳ ᠰᠢᠯᠢᠳᠡᠭ ︽ᠦᠪᠯᠡᠨ ᠤᠯᠠᠮᠵᠢᠯᠠᠭᠴᠢ︾ ᠶᠢᠨ ᠴᠤᠯᠠ ᠶᠢ ᠬᠥᠷᠳᠡᠭᠰᠡᠡ ᠪᠠᠶᠢᠨ᠎ᠠ᠃
    ᠤᠳᠬᠠᠨᠴᠡᠴᠡᠭ ᠮᠠᠳᠤ ᠶᠢᠨ ᠬᠠᠪᠤᠷ ᠤᠨ ᠲᠦᠯ ᠢᠶᠠᠨ ᠲᠤᠰᠴᠤ ᠶᠠᠭᠠᠷᠠᠯᠳᠤᠵᠤ ᠪᠠᠶᠢᠭ᠎ᠠ ᠮᠠᠯᠴᠢᠳ ᠮᠢᠨᠢ ᠰᠠᠶᠢᠬᠠᠨ ᠬᠠᠪᠤᠷᠵᠢᠵᠤ᠂ ᠬᠤᠷᠤᠭ᠎ᠠ ᠬᠤᠳᠠ ᠪᠠᠷ ᠲᠥᠭᠦᠷᠡᠩ ᠲᠦᠯ ᠤᠨ ᠲᠠᠭᠤᠨ ᠢᠶᠠᠷ ᠢᠶᠠᠨ ᠬᠠᠰᠢᠶ᠎ᠡ ᠬᠤᠷᠤᠭ᠎ᠠ ᠪᠠᠨ ᠮᠢᠯᠢᠶᠠᠬᠤ ᠪᠤᠯᠳᠤᠭᠠᠢ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号