ᠮᠠᠯᠴᠢᠨ ᠲᠥᠮᠡᠨ ᠢᠶᠠᠨ ᠣᠷᠮᠠᠰᠢᠭᠤᠯᠤᠭᠰᠠᠨ ᠮᠡᠶᠢᠷᠡᠡᠰᠥ᠋ᠮ᠎ᠡ ᠶᠢᠨ ︽ᠲᠦᠷᠦᠬᠦᠴᠢ ᠭᠠᠯᠠᠭᠤ︾
ᠨᠡᠶᠢᠲᠡᠯᠡᠭᠰᠡᠨ ᠴᠠᠭ᠄
2019-04-09
     ᠠᠮᠢᠳᠤ ᠪᠤᠳᠠᠰ ᠤᠨ ᠲᠤᠰᠬᠠᠢ ᠮᠡᠷᠬᠡᠵᠢᠯᠳᠡᠨ ᠤ ᠰᠤᠳᠤᠯᠤᠯᠳᠠ ᠪᠠᠷ ᠭᠠᠯᠠᠭᠤᠨ ᠴᠤᠪᠤᠭᠠᠨ ᠤ ᠵᠤᠷᠢᠭᠰᠠᠨ ᠭᠠᠵᠠᠷ ᠲᠠᠭᠠᠨ ᠠᠮᠵᠢᠯᠳᠠᠳᠠᠢ ᠬᠦᠷᠳᠡᠭ ᠤᠨ ᠵᠠᠩᠬᠢᠯᠠᠭ᠎ᠠ ᠨᠢ ︽ᠲᠦᠷᠦᠬᠦᠴᠢ ᠭᠠᠯᠠᠭᠤ ᠨᠢ ᠠᠷᠤ ᠳᠠᠬᠢ ᠪᠠᠨ ᠣᠷᠬᠢᠬᠤ ᠦᠭᠡᠢ︾ ᠬᠤᠭᠤᠷᠤᠨᠳᠤ ᠪᠠᠨ ᠬᠠᠷᠢᠯᠴᠠᠨ ᠬᠦᠴᠦ ᠲᠡᠩᠬᠡᠬᠡ ᠣᠯᠭᠤᠳᠠᠭ ᠰᠢᠨᠵᠢᠯᠡᠬᠦ ᠣᠬᠠᠭᠠᠨᠴᠢ ᠨᠢᠰᠦᠯᠳᠡ ᠶᠢᠨ ᠵᠢᠮ᠎ᠡ ᠶᠤᠰᠤ ᠲᠠᠢ ᠪᠠᠶᠢᠳᠠᠭ ᠬᠡᠰᠡᠨ ᠪᠠᠶᠢᠨ᠎ᠠ᠃ ᠦᠨᠤᠳᠤᠷ ᠤᠨ ᠮᠡᠳᠡᠭᠡ ᠪᠠᠷ ᠪᠢᠳᠠ ᠲᠤᠭ ᠪᠠᠯᠭᠠᠰᠤᠨ ᠤ ᠮᠡᠶᠢᠷᠡᠨᠰᠥ᠋ᠮ᠎ᠠ ᠭᠠᠴᠠᠭᠠᠨ ᠤ ᠨᠢᠭᠡᠨ ︽ᠲᠦᠷᠦᠬᠦᠴᠢ ᠭᠠᠯᠠᠭᠤ︾ ᠲᠠᠢ ᠲᠠᠨᠢᠯᠴᠠᠶ᠎ᠠ᠃      ᠣᠶᠢᠷ᠎ᠠ ᠶᠢᠨ ᠡᠳᠤᠷ ᠰᠣᠷᠪᠤᠯᠵᠢᠯᠠᠭᠴᠢ ᠲᠤᠭ ᠪᠠᠯᠭᠠᠰᠤᠨ ᠤ ᠵᠦᠩ ᠲᠢᠶᠠᠨ ᠾᠧ ᠴᠤᠸᠠᠩ ᠺᠤᠮᠫᠠᠨᠢ ᠶᠢᠨ ᠮᠥᠩᠬᠡᠴᠢᠨ ᠨᠡᠬᠦᠷᠡᠰᠤᠨ ᠠᠭᠤᠷᠬᠠᠢ ᠶᠢᠨ ᠪᠦᠲᠦᠭᠡᠨ ᠪᠠᠶᠢᠭᠤᠯᠤᠯᠳᠠ ᠶᠢᠨ ᠭᠠᠵᠠᠷ ᠲᠤ ᠬᠦᠷᠬᠦ ᠳᠤ ᠦᠤᠰᠢᠨ ᠬᠤᠰᠢᠭᠤᠨ ᠤ ᠮᠥᠩᠬᠡᠴᠢᠨ ᠬᠦᠳᠡᠯᠮᠦᠷᠢ ᠦᠢᠯᠡᠴᠢᠯᠡᠬᠡᠨ ᠤ ᠺᠤᠮᠫᠠᠨᠢ ᠶᠢᠨ ᠠᠵᠢᠯᠴᠢᠳ ᠲᠠᠭᠠᠭᠠᠴᠢᠯᠠᠨ ᠠᠪᠤᠭᠰᠠᠨ ᠠᠵᠢᠯ ᠳᠠᠭᠠᠨ ᠶᠠᠭᠠᠷᠠᠯᠳᠤᠵᠦ ᠪᠠᠶᠢᠯ᠎ᠠ᠃ ᠮᠠᠯᠴᠢᠨ ᠠᠴᠢᠳᠤ ᠮᠠᠯ ᠲᠠᠷᠢᠶᠠᠯᠠᠩ ᠤᠨ ᠴᠢᠯᠦᠬᠡ ᠴᠠᠭ ᠢᠶᠠᠷ ᠠᠳᠡ ᠢᠷᠡᠵᠦ ᠬᠠᠮᠢᠶᠠᠷᠤᠯᠳᠠ ᠶᠢᠨ ᠠᠵᠢᠯ ᠬᠢᠵᠦ ᠢᠯᠡᠬᠦᠤ ᠨᠢᠭᠡ ᠬᠤᠪᠢ ᠶᠢᠨ ᠣᠷᠤᠯᠭ᠎ᠠ ᠣᠯᠳᠠᠭ ᠪᠠᠶᠢᠨ᠎ᠠ᠃ ᠠᠴᠢᠳᠤ᠄ ︽ᠣᠳᠤ ᠣᠳᠬᠠᠨᠳᠦ᠋ᠬᠦᠷᠡᠩ ᠲᠠᠷᠤᠭ᠎ᠠ ᠮᠠᠨᠤᠰ ᠲᠤ ᠡᠶᠢᠮᠤ ᠵᠠᠪᠰᠢᠶᠠᠨ ᠣᠯᠭᠤᠭᠰᠠᠨ ᠳᠤ ᠮᠠᠯ ᠢᠶᠠᠨ ᠮᠠᠯᠵᠢᠬᠤ ᠶᠢᠨ ᠴᠢᠯᠦᠭᠡ ᠵᠠᠪᠰᠠᠷ ᠢᠶᠠᠷ ᠪᠠᠰᠠ ᠺᠤᠮᠫᠠᠨᠢ ᠶᠢᠨ ᠠᠵᠢᠯ ᠢᠶᠠᠨ ᠭᠢᠵᠦ ᠠᠰᠢᠭ ᠣᠷᠤᠯᠭ᠎ᠠ ᠶᠢᠨ ᠲᠠᠯ᠎ᠠ ᠪᠠᠷ ᠨᠡᠯᠢᠶᠡᠳ ᠬᠠᠪᠰᠤᠷᠤᠮᠵᠢ ᠪᠤᠯᠵᠦ ᠪᠠᠶᠢᠨ᠎ᠠ︾ ᠬᠡᠵᠦ ᠪᠠᠶᠠᠷᠲᠠᠢ ᠶᠠᠷᠢᠵᠦ ᠪᠠᠶᠢᠯ᠎ᠠ᠃      2008 ᠣᠨ ᠳᠤ ᠵᠦᠩ ᠲᠢᠶᠠᠨ ᠾᠧ ᠴᠤᠸᠠᠩ ᠺᠤᠮᠫᠠᠨᠢ ᠶᠢᠨ ᠮᠥᠩᠬᠡᠴᠢᠨ ᠨᠡᠬᠦᠷᠡᠰᠤᠨ ᠠᠭᠤᠷᠬᠠᠢ ᠮᠡᠶᠢᠷᠡᠨᠰᠥ᠋ᠮ᠎ᠡ ᠭᠠᠴᠠᠭᠠᠨ ᠳᠤ ᠪᠦᠲᠦᠭᠡᠨ ᠪᠠᠶᠢᠭᠤᠯᠤᠯᠳᠠ ᠪᠠᠨ ᠡᠬᠢᠯᠡᠬᠦᠯᠬᠦ ᠦᠶ᠎ᠡ ᠳᠤ ᠮᠠᠯᠴᠢᠨ ᠣᠳᠬᠠᠨᠳᠥ᠋ᠬᠦᠷᠡᠩ  ᠤᠨ ᠨᠤᠲᠤᠭ ᠪᠡᠯᠴᠢᠬᠡᠷ ᠢ ᠲᠠᠲᠠᠪᠦᠷᠢᠯᠠᠭᠰᠠᠨ ᠠᠴᠠ ᠲᠡᠷᠡ ᠠᠩᠬ᠎ᠠ ᠠᠵᠦ ᠠᠬᠤᠶᠢᠯᠠᠯ ᠳᠤ ᠠᠵᠢᠯᠯᠠᠵᠦ ᠰᠡᠬᠦᠯ ᠳᠤ  ᠨᠢ ᠭᠠᠳᠠᠨᠠᠬᠢ ᠶᠢᠨ ᠬᠦᠳᠡᠯᠮᠦᠷᠢ ᠦᠢᠯᠡᠴᠢᠯᠡᠬᠡᠨ ᠤ ᠺᠤᠮᠫᠠᠨᠢ ᠲᠠᠢ ᠬᠠᠮᠵᠢᠯᠴᠠᠨ᠂ ᠠᠵᠢᠯ ᠤᠨ ᠠᠷᠭ᠎ᠠ ᠲᠤᠷᠰᠢᠯᠭ᠎ᠠ  ᠪᠠᠨ ᠬᠤᠷᠠᠮᠳᠤᠭᠤᠯᠵᠦ᠂ ᠨᠤᠲᠤᠭ ᠤᠷᠤᠨ ᠤ ᠡᠬᠢ ᠪᠠᠶᠠᠯᠢᠭ ᠢ ᠠᠰᠢᠭᠯᠠᠨ᠂ ᠨᠡᠩ ᠣᠯᠠᠨ ᠮᠠᠯᠴᠢᠳ ᠲᠤ ᠠᠰᠢᠭ ᠬᠦᠷᠳᠡᠭᠡᠬᠦ ᠪᠠᠷ 2018 ᠣᠨ ᠳᠤ ᠭᠠᠴᠠᠭᠠᠨ ᠤ ᠵᠠᠭᠤ ᠭᠠᠷᠤᠢ ᠡᠷᠤᠬᠡ ᠮᠠᠯᠴᠢᠨ ᠢ ᠲᠠᠶᠢᠴᠢᠯᠠᠨ᠂ ᠡᠷᠤᠬᠡ ᠪᠦᠷᠢ 5000 ᠲᠥᠬᠦᠷᠢᠭ ᠤᠨ ᠬᠤᠪᠢ ᠣᠷᠤᠭᠤᠯᠤᠨ᠂ ᠦᠤᠰᠢᠨ ᠬᠤᠰᠢᠭᠤᠨ ᠤ ᠮᠥᠩᠬᠡᠴᠢᠨ ᠬᠦᠳᠡᠯᠮᠦᠷᠢ ᠦᠢᠯᠡᠴᠢᠯᠡᠬᠡᠨ ᠤ ᠺᠤᠮᠫᠠᠨᠢ ᠶᠢ ᠪᠠᠶᠢᠭᠤᠯᠤᠭᠰᠠᠨ ᠪᠠᠶᠢᠨ᠎ᠠ᠃ ᠲᠡᠷᠡ᠄ ︽ᠶᠡᠷᠤ ᠶᠢᠨ ᠦᠬᠡᠨ ᠳᠤ ︽ᠠᠭᠤᠯᠠ ᠶᠢ ᠲᠦᠰᠢᠪᠡᠯ ᠠᠭᠤᠯᠠ᠂ ᠣᠰᠤ ᠶᠢ ᠲᠦᠰᠢᠪᠡᠯ ᠣᠰᠤ︾ ᠬᠡᠳᠡᠭ ᠢᠶᠠᠷ ᠮᠠᠨᠤᠰ ᠦᠪᠡᠷ ᠢᠶᠠᠨ ᠡᠨᠡ ᠡᠬᠢ ᠪᠠᠶᠠᠯᠢᠭ ᠢᠶᠠᠨ ᠡᠵᠡᠯᠡᠬᠡᠳ ᠬᠢᠬᠡᠳ ᠠᠪᠤᠪᠠᠯ ᠰᠠᠶᠢᠬᠠᠨ ᠰᠢᠳᠠ᠂ ᠣᠳᠤ ᠣᠯᠣᠰ ᠤᠨ ᠲᠦᠷᠦ ᠶᠢᠨ ᠪᠤᠳᠤᠯᠭ᠎ᠠ ᠴᠤ ᠡᠬᠦᠨ ᠢ ᠶᠡᠭᠡ  ᠪᠠᠷ ᠲᠡᠳᠬᠦᠵᠦ ᠪᠠᠶᠢᠨ᠎ᠠ᠂ ᠮᠠᠨ ᠤ ᠠᠳᠡ ᠺᠤᠮᠫᠠᠨᠢ ᠴᠤ ᠴᠦᠬᠡᠨ᠂ ᠠᠷᠪᠢᠨ ᠰᠢᠭ᠋ ᠭᠠᠷᠭᠠᠭᠠᠳ ᠪᠦᠯᠬᠦᠮᠳᠡᠬᠡᠳ ᠢᠷᠡᠪᠡᠯ ᠵᠤᠭᠤᠰ ᠣᠯᠬᠤ ᠳᠤ ᠪᠠᠰᠠ ᠠᠮᠠᠷᠬᠠᠨ ᠪᠤᠯᠤᠨ᠎ᠠ︾ ᠬᠡᠵᠦ ᠶᠠᠷᠢᠵᠦ ᠪᠠᠶᠢᠯ᠎ᠠ᠃      ᠮᠠᠯᠴᠢᠨ ᠮᠥᠩᠬᠡᠪᠠᠶᠠᠷ ᠤᠨ ᠬᠢᠨ ᠪᠤᠯ ᠲᠠᠷᠤᠢ ᠲᠤᠰ ᠺᠤᠮᠫᠠᠨᠢ ᠳᠤ ᠬᠤᠪᠢ ᠣᠷᠤᠭᠰᠠᠨ ᠠᠶᠢᠯ ᠤᠳ ᠤᠨ ᠨᠢᠭᠡ ᠨᠢ ᠪᠠᠶᠢᠵᠦ ᠣᠳᠤᠬᠠᠨ ᠳᠤ ᠨᠢᠭᠡᠨᠳᠡ ᠠᠰᠢᠭ ᠬᠦᠷᠳᠡᠵᠡᠢ᠃ ᠮᠥᠩᠬᠡᠪᠠᠶᠠᠷ᠄ ︽ᠬᠤᠪᠢ ᠣᠷᠤᠭᠠᠳ ᠨᠢᠭᠡ ᠵᠢᠯ ᠴᠤ ᠪᠤᠯᠤᠭᠰᠠᠨ ᠦᠭᠡᠢ᠂ ᠠᠶᠢᠯ ᠪᠤᠯᠭᠠᠨ ᠳᠤ16000 ᠲᠦᠬᠦᠷᠢᠭ ᠬᠤᠪᠢᠶᠠᠭᠰᠠᠨ᠂ ᠣᠳᠤ ᠮᠠᠯ ᠮᠠᠯᠵᠢᠬᠤ ᠠᠴᠠ ᠭᠠᠳᠠᠨ᠎ᠠ ᠵᠥᠬᠡᠷ ᠰᠠᠭᠤᠵᠦ ᠪᠠᠶᠢᠭᠠᠳ ᠣᠯᠵᠦ ᠪᠠᠶᠢᠬᠤ ᠵᠤᠭᠤᠰ᠂ ᠡᠨᠡ ᠣᠳᠤ ᠲᠤᠩ ᠰᠠᠶᠢᠨ ᠪᠠᠶᠢᠨ᠎ᠠ︾ ᠬᠡᠵᠦ ᠰᠡᠳᠬᠢᠯ ᠬᠠᠨᠤᠮᠵᠢᠲᠠᠢ ᠶᠠᠷᠢᠵᠦ ᠪᠠᠶᠢᠯ᠎ᠠ᠃      2018 ᠣᠨ ᠳᠤ ᠣᠳᠬᠠᠨᠳᠦ᠋ᠬᠦᠷᠡᠩ ᠺᠤᠮᠫᠠᠨᠢ ᠪᠠᠨ ᠰᠡᠳᠬᠢᠯ ᠲᠠᠯᠪᠢᠨ ᠡᠵᠡᠩᠨᠡᠵᠦ᠂ ᠨᠤᠲᠤᠭ ᠤᠨ ᠮᠠᠯᠴᠢᠳ ᠤᠨ ᠢᠯᠡᠬᠦᠴᠡ ᠬᠦᠳᠡᠯᠮᠦᠷᠢ ᠬᠦᠴᠦᠨ ᠢ ᠬᠦᠢᠴᠡᠳ ᠠᠰᠢᠭᠯᠠᠨ᠂ ᠨᠡᠬᠦᠷᠡᠰᠤᠨ ᠠᠵᠦ ᠠᠬᠤᠶᠢᠯᠠᠯ ᠤᠨ ᠪᠦᠲᠦᠭᠡᠨ ᠪᠠᠶᠢᠭᠤᠯᠤᠯᠳᠠ᠂ ᠵᠥᠬᠡᠬᠡᠪᠦᠷᠢᠯᠡᠯᠳᠡ᠂ ᠨᠤᠭᠤᠭᠠᠷᠠᠭᠤᠯᠤᠯᠳᠠ ᠵᠡᠷᠭᠡ ᠡᠯ᠎ᠡ ᠭᠤᠭᠴᠤᠭᠠᠨ ᠤ ᠠᠵᠢᠯ ᠢ ᠲᠠᠭᠠᠭᠠᠴᠢᠯᠠᠨ ᠬᠦᠢᠴᠡᠳᠬᠡᠵᠦ᠂ ᠣᠷᠤᠯᠭ᠎ᠠ ᠰᠠᠶᠢᠳᠠᠢ ᠪᠤᠯᠤᠭᠰᠠᠨ ᠢᠶᠠᠷ᠂ ᠲᠡᠷᠡ ᠡᠩ ᠲᠡᠷᠢᠬᠦᠨ ᠳᠤ ᠨᠤᠲᠤᠭ ᠤᠨ  ᠢᠶᠠᠨ ᠶᠠᠳᠠᠭᠤ ᠬᠦᠴᠢᠷᠳᠡᠯᠳᠡᠢ ᠮᠠᠯᠴᠢᠳ ᠤᠨ ᠲᠦᠯᠦᠬᠡ ᠪᠤᠳᠤᠯᠬᠢᠯᠠᠵᠦ᠂ ᠦᠪᠡᠷᠳᠡᠭᠡᠨ 18 ᠲᠥᠮᠡᠨ ᠲᠥᠬᠦᠷᠢᠭ  ᠤᠨ ᠪᠡᠯᠡ ᠭᠠᠷᠭᠠᠨ ᠮᠠᠰᠢᠨ ᠬᠤᠳᠳᠤᠭ ᠮᠠᠯᠳᠠᠨ᠂ ᠴᠠᠬᠢᠯᠭᠠᠨ ᠤᠰᠤᠨ ᠲᠠᠳᠠᠭᠤᠷ ᠤᠭᠰᠠᠷᠠᠵᠦ᠂ ᠮᠤᠳᠤᠨᠴᠠᠶᠢᠳᠠᠮ ᠮᠠᠯᠵᠢᠯ ᠤᠨ ᠬᠤᠷᠰᠢᠶᠠᠨ ᠤ ᠠᠷᠪᠠᠨ ᠭᠤᠷᠪᠠᠨ ᠡᠷᠤᠬᠡ ᠮᠠᠯᠴᠢᠳ ᠤᠨ ᠡᠪᠦᠯ ᠤᠨ ᠴᠠᠭ ᠢᠶᠠᠷ ᠣᠰᠤ ᠲᠠᠮᠨᠠᠬᠤ ᠦᠶ᠎ᠡ  ᠶᠢᠨ ︽ᠴᠠᠭᠠᠰᠢ ᠪᠠᠨ ᠶᠠᠪᠤᠬᠤ ᠳᠤ ᠬᠠᠨᠭ᠍ᠭᠢᠷ ᠵᠢᠩᠭᠢᠷ᠂ ᠨᠠᠭᠠᠰᠢ ᠪᠠᠨ ᠢᠷᠡᠬᠦ ᠳᠤ ᠤᠬᠢᠯᠠᠭ ᠳᠠᠭᠤᠯᠠᠭ︾ ᠪᠠᠶᠢᠭᠰᠠᠨ ᠪᠠᠶᠢᠳᠠᠯ ᠶᠢ ᠡᠴᠤᠰᠯᠡᠬᠦᠯᠵᠡᠢ᠃      ᠲᠤᠭ ᠪᠠᠯᠭᠠᠰᠤᠨ ᠤ ᠮᠡᠶᠢᠷᠡᠨᠰᠥ᠋ᠮ᠎ᠠ ᠭᠠᠴᠠᠭᠠᠨ ᠤ ᠮᠠᠯᠴᠢᠨ ᠣᠶᠤᠨᠬᠤᠸᠠᠷ᠄ ︽ᠣᠳᠬᠠᠨᠳᠦ᠋ᠬᠦᠷᠡᠩ ᠪᠢᠳᠠᠨ  ᠳᠤ ᠶᠡᠭᠡ  ᠰᠠᠶᠢᠨ ᠬᠢᠭᠰᠡᠨ᠂ ᠡᠳᠤᠢ ᠠᠷᠪᠢᠨ ᠨᠤᠲᠤᠭ ᠤᠨ ᠬᠦᠮᠤᠨ ᠢ ᠪᠤᠳᠤᠵᠦ ᠴᠡᠪᠡᠷ ᠣᠰᠤ ᠢᠳᠡᠬᠦᠯᠦᠴᠢᠬᠡᠶ᠎ᠡ ᠬᠡᠳ ᠦᠪᠡᠷ ᠤᠨ ᠢᠶᠠᠨ ᠵᠤᠭᠤᠰ ᠢ ᠵᠠᠷᠤᠴᠠᠭᠤᠯᠵᠦ ᠬᠤᠳᠳᠤᠭ ᠮᠠᠯᠳᠠᠵᠦ ᠦᠭᠭᠦᠭᠰᠡᠨ ᠨᠢ ᠦᠨᠡᠬᠡᠷ ᠠᠮᠠᠷ ᠦᠭᠡᠢ︾ ᠬᠡᠪᠡ᠃      ᠠᠷᠪᠠᠨ ᠵᠢᠯ ᠨᠡᠬᠦᠷᠡᠰᠤᠨ ᠠᠭᠤᠷᠬᠠᠢ ᠶᠢᠨ ᠪᠤᠷᠤ ᠲᠤᠭᠤᠰᠤᠨ ᠳᠤ ᠪᠤᠯᠠᠭᠳᠠᠵᠦ᠂ ᠠᠵᠢᠯ ᠶᠠᠪᠤᠳᠠᠯ ᠢ ᠭᠤᠯᠤᠯ ᠦᠭᠡᠢ ᠬᠦᠢᠴᠡᠳᠬᠡᠨ᠂ ᠠᠷᠢᠭᠤᠨ ᠬᠦᠳᠡᠯᠮᠦᠷᠢ ᠰᠢᠷᠭᠠᠭᠤ ᠴᠢᠷᠮᠠᠶᠢᠯᠠᠭ᠎ᠠ ᠪᠠᠷ ᠢᠶᠠᠨ ᠣᠳᠬᠠᠨᠳᠦ᠋ᠬᠦᠷᠡᠩ ᠣᠳᠤ ᠬᠡᠳᠤᠶᠢᠪᠡᠷ ᠪᠠᠶᠠᠵᠢᠭᠰᠠᠨ ᠴᠤ ᠬᠤᠪᠢ ᠪᠠᠨ ᠰᠠᠬᠢᠵᠦ ᠬᠤᠶᠢᠰᠢ ᠣᠬᠤᠷᠢᠭᠰᠠᠨ ᠦᠭᠡᠢ᠂ ᠦᠯᠦᠬᠡᠢ ᠨᠤᠲᠤᠭ ᠤᠨ  ᠢᠶᠠᠨ ᠮᠠᠯᠴᠢᠨ ᠲᠥᠮᠡᠨ ᠢ ᠪᠠᠨ ᠪᠤᠳᠤᠯ ᠰᠡᠳᠬᠢᠯ ᠳᠡᠭᠡᠨ ᠲᠡᠭᠡᠭᠡᠵᠦ᠂ 2018 ᠣᠨ ᠳᠤ ᠬᠤᠶᠠᠷ ᠣᠳᠠᠭ᠎ᠠ ᠨᠡᠶᠢᠳᠡ 500 ᠲᠥᠮᠡᠨ ᠲᠥᠬᠦᠷᠢᠭ ᠢ ᠺᠤᠮᠫᠠᠨᠢ ᠳᠤ ᠬᠤᠪᠢ ᠣᠷᠤᠭᠰᠠᠨ ᠡᠷᠤᠬᠡᠳ ᠲᠡᠳᠤᠢ ᠦᠭᠡᠢ᠂ ᠭᠠᠴᠠᠭᠠᠨ ᠤ ᠠᠬᠠᠮᠠᠳ ᠪᠠᠭᠰᠢ ᠣᠳᠣᠷᠢᠳᠣᠯᠭ᠎ᠠ᠂ ᠨᠣᠳᠤᠭ ᠤᠨ ᠡᠮᠴᠢ᠂ ᠣᠶᠣᠳᠠᠳ᠂ ᠶᠠᠳᠠᠭᠤ ᠬᠦᠴᠢᠷᠳᠡᠯᠳᠡᠢ ᠡᠷᠣᠭᠡ ᠪᠠ ᠨᠡᠶᠢᠬᠡᠮ ᠳᠣᠭᠤᠷᠢᠭ᠂ ᠰᠣᠷᠭᠠᠭᠤᠯᠢ᠂ ᠭᠡᠣᠭᠡᠳ ᠤᠨ ᠴᠡᠴᠡᠷᠯᠢᠭ ᠵᠡᠷᠭᠡ ᠶᠢᠨ 486 ᠮᠠᠯᠴᠢᠨ ᠡᠷᠤᠬᠡ᠂ ᠲᠦᠷᠪᠡᠨ ᠪᠠᠶᠢᠭᠤᠯᠭ᠎ᠠ ᠨᠢᠬᠡᠴᠢ ᠳᠤ ᠬᠠᠨᠳᠢᠪᠯᠠᠨ ᠲᠠᠷᠬᠠᠭᠠᠵᠦ᠂ ᠨᠤᠲᠤᠭ ᠨᠢᠬᠡᠳᠡᠳ ᠪᠦᠯᠬᠦᠮᠳᠠᠨ ᠨᠢᠭᠳᠠᠷᠠᠵᠦ᠂ ᠬᠠᠮᠳᠤ ᠪᠠᠷ  ᠪᠠᠨ ᠲᠠᠪᠰᠢᠬᠤ ᠶᠢ ᠣᠷᠮᠠᠰᠢᠭᠤᠯᠤᠨ ᠵᠤᠷᠢᠭᠵᠢᠭᠤᠯᠵᠠᠢ᠃     ᠣᠳᠬᠠᠨᠳᠦ᠋ᠬᠦᠷᠡᠩ᠄ ︽ᠬᠤᠷᠢᠨ ᠣᠨ ᠪᠤᠯᠬᠤ ᠳᠤ ᠪᠦᠬᠦᠳᠡᠬᠡᠷ ᠢᠶᠠᠨ ᠶᠠᠳᠠᠭᠤ ᠠᠴᠠ ᠠᠩᠬᠢᠵᠢᠷᠠᠨ᠎ᠠ ᠬᠡᠵᠦ ᠪᠠᠶᠢᠨ᠎ᠠ᠂ ᠪᠢᠳᠠ ᠪᠠᠰᠠ ᠦᠪᠡᠷ ᠤᠨ ᠬᠦᠴᠦ ᠪᠠᠷ ᠢᠶᠠᠨ ᠴᠢᠷᠮᠠᠶᠢᠵᠦ ᠶᠠᠳᠠᠭᠤ ᠠᠴᠠ ᠠᠩᠬᠢᠵᠢᠷᠠᠨ᠎ᠠ᠂ ᠪᠢ ᠪᠠᠰᠠ ᠡᠬᠦᠨ ᠳᠤ ᠦᠪᠡᠷ ᠤᠨ ᠦᠴᠦᠬᠡᠨ ᠬᠤᠪᠢ ᠨᠡᠮᠡᠷᠢ ᠪᠠᠨ ᠦᠵᠡᠬᠦᠯᠦᠶ᠎ᠡ ᠬᠡᠵᠦ ᠪᠤᠳᠤᠵᠦ ᠪᠠᠶᠢᠨ᠎ᠠ᠂ ᠨᠢᠭᠡ ᠨᠤᠲᠤᠭ  ᠤᠨ ᠣᠯᠠᠨ ᠢᠶᠠᠷ ᠢᠶᠠᠨ ᠬᠠᠮᠳᠤ ᠬᠦᠭᠵᠢᠵᠦ᠂ ᠬᠠᠮᠳᠤ ᠪᠠᠷ ᠢᠶᠠᠨ ᠡᠨᠡ ᠠᠰᠢᠭ ᠢ ᠬᠦᠷᠳᠡᠪᠡᠯ ᠰᠠᠶᠢᠬᠠᠨ ᠬᠡᠵᠦ ᠪᠤᠳᠤᠵᠦ ᠪᠠᠶᠢᠨ᠎ᠠ︾ ᠬᠡᠪᠡ᠃     ︽ᠲᠦᠷᠦᠬᠦᠴᠢ ᠭᠠᠯᠠᠭᠤ ᠨᠢ ᠠᠷᠤ ᠳᠠᠬᠢ ᠪᠠᠨ ᠣᠷᠬᠢᠬᠤ ᠦᠭᠡᠢ︾ ᠬᠡᠳᠡᠭ ᠢᠶᠠᠷ᠂ ᠣᠳᠬᠠᠨᠳᠥ᠋ᠬᠦᠷᠡᠩ ᠣᠳᠤ ᠨᠡᠩ ᠣᠯᠠᠨ ᠮᠠᠯᠴᠢᠨ ᠢ ᠣᠷᠮᠠᠰᠢᠭᠤᠯᠤᠨ ᠨᠢᠬᠡᠳᠦᠬᠦᠯᠵᠦ᠂ ᠠᠵᠦ ᠠᠬᠤᠶᠢᠯᠠᠯ ᠲᠠᠢ ᠬᠤᠷᠰᠢᠨ ᠠᠵᠢᠯᠯᠠᠬᠤ ᠪᠠᠷ ᠵᠢᠳᠬᠦᠬᠦ ᠶᠢᠨ ᠲᠠᠭᠠᠤ ᠪᠠᠰᠠ ᠪᠤᠬᠢᠷᠳᠤᠯ ᠦᠭᠡᠢ ᠮᠠᠯ ᠤᠨ ᠠᠰᠢᠭ ᠰᠢᠮ᠎ᠡ ᠶᠢᠨ ᠦᠢᠯᠡᠳᠬᠦᠨ ᠢᠶᠠᠨ ᠵᠠᠬ᠎ᠠ ᠲᠡᠯᠬᠡᠬᠦᠷᠴᠢᠯᠡᠵᠦ᠂ ᠬᠠᠮᠳᠤᠷᠠᠯ ᠬᠤᠷᠰᠢᠶᠠᠵᠢᠯ ᠢᠶᠠᠷ ᠲᠠᠮᠵᠢᠨ ᠮᠠᠯᠴᠢᠳ ᠲᠤ ᠣᠷᠳᠤ ᠬᠤᠭᠤᠴᠠᠭᠠᠨ ᠤ ᠣᠷᠤᠯᠭ᠎ᠠ  ᠪᠠᠨ ᠨᠡᠮᠡᠭᠳᠡᠬᠦᠯᠬᠦ ᠰᠢᠨ᠎ᠡ ᠠᠷᠭ᠎ᠠ ᠵᠠᠮ ᠢ ᠢᠳᠡᠪᠬᠢᠳᠠᠢ ᠬᠠᠶᠢᠨ ᠰᠦᠪᠡᠭᠴᠢᠯᠡᠵᠦ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号