ᠠᠵᠢᠯ ᠤᠨ ᠪᠠᠶᠢᠷᠢᠨ ᠳᠡᠭᠡᠷᠡᠬᠢ ᠪᠠᠶᠠᠷ ᠤᠨ ᠡᠳᠦᠷ
ᠨᠡᠶᠢᠲᠡᠯᠡᠭᠰᠡᠨ ᠴᠠᠭ᠄
2019-05-13
     ᠡ᠊ᠨᠡ ᠵᠢᠯ ᠤᠨ ︽5 · 12︾ ᠤᠨ ᠡᠳᠥᠷ ᠪᠤᠯ 108 ᠳᠠᠬᠢ ᠲᠡᠯᠡᠬᠡᠢ ᠶᠢᠨ ᠰᠣᠪᠢᠯᠠᠭᠴᠢ ᠶᠢᠨ ᠪᠠᠶᠠᠷ ᠤᠨ ᠡᠳᠣᠷ ᠪᠤᠯᠤᠨ᠎ᠠ᠂ ᠮᠦᠨᠴᠦ 104 ᠳᠠᠬᠢ ᠡᠬᠡᠴᠣᠤᠯ ᠤᠨ ᠪᠠᠶᠠᠷ ᠤᠨ ᠡᠳᠦᠷ ᠪᠣᠯᠣᠨ᠎ᠠ᠃ ᠡᠨᠡ ᠡᠳᠦᠷ ᠨᠢ ᠬᠡᠳᠦᠶᠢᠪᠡᠷ ᠭᠠᠷᠠᠭ ᠤᠨ ᠡᠳᠦᠷ ᠳᠣᠬᠢᠶᠠᠯᠳᠣᠭᠰᠠᠨ ᠪᠣᠯᠪᠠᠴᠣ ᠨᠢᠬᠡ ᠪᠦᠯᠦᠭ ᠬᠦᠮᠦᠰ ᠠᠮᠢ ᠨᠠᠰᠤ ᠡᠪᠡᠳᠴᠢᠨ ᠵᠣᠪᠠᠨᠢᠯ ᠤᠨ ᠬᠠᠮᠤᠭ ᠤᠨ ᠡᠮᠦᠨ᠎ᠡ ᠹᠷᠣᠨᠲ ᠲᠤ ᠠᠵᠢᠯ ᠤᠨ ᠪᠠᠶᠢᠷᠢ ᠪᠠᠨ ᠪᠠᠳᠣ ᠰᠠᠬᠢᠵᠦ ︽ᠬᠤᠣᠰ ᠪᠠᠶᠠᠷ ᠤᠨ ᠡᠳᠦᠷ︾ ᠢ ᠦᠩᠬᠡᠷᠡᠬᠦᠯᠬᠦ ᠪᠠᠷ ᠪᠣᠯᠣᠯ᠎ᠠ᠃ ᠳᠡᠳᠡ ᠪᠣᠯ ᠲᠠᠷᠣᠢ ᠰᠣᠪᠢᠯᠠᠭᠴᠢ ᠨᠠᠷ ᠮᠦᠨ᠃      ᠮᠠᠨᠳᠣᠯ᠎ᠠ ᠪᠣᠯ ᠬᠤᠰᠢᠭᠤ ᠠᠷᠠᠳ ᠤᠨ ᠡᠮᠨᠡᠯᠬᠡ ᠶᠢᠨ ᠬᠤᠷᠢᠶᠠᠨ ᠤ ᠳᠣᠳᠣᠷ ᠰᠠᠯᠠᠭᠠᠨ ᠤ ᠰᠣᠪᠢᠯᠠᠭᠴᠢ ᠪᠣᠯᠣᠨ᠎ᠠ᠃ ᠡᠮ ᠤᠨ ᠬᠠᠶᠢᠷᠴᠠᠠᠭ ᠢᠶᠠᠨ ᠪᠠᠷᠢᠵᠦ ᠡᠪᠡᠳᠴᠢᠳᠡᠨ ᠤ ᠦᠷᠥᠭᠡ ᠶᠢ ᠪᠠᠶᠢᠴᠠᠭᠠᠨ ᠡᠪᠡᠳᠴᠢᠲᠡᠨ ᠲᠠᠢ ᠬᠠᠯᠠᠭᠤᠮᠰᠤᠭ ᠢᠶᠠᠷ ᠵᠣᠭᠤᠭᠳᠠᠵᠦ ᠡᠪᠡᠳᠴᠢᠨ ᠤ ᠪᠠᠶᠢᠳᠠᠯ ᠪᠠ ᠪᠡᠶ᠎ᠡ ᠰᠡᠳᠬᠢᠴᠡ ᠶᠢᠨ ᠪᠠᠶᠢᠳᠠᠯ ᠢ ᠴᠠᠭ ᠲᠤᠬᠠᠢ ᠳᠤᠨᠢ ᠣᠶᠢᠯᠠᠭᠠᠬᠤ ᠵᠡᠷᠭᠡ ᠠᠵᠢᠯ ᠢ ᠨᠠᠢᠮᠠᠨ ᠵᠢᠯ ᠬᠢᠵᠦ ᠶᠠᠪᠣᠭ᠎ᠠ ᠳᠡᠷᠡ ᠰᠣᠪᠢᠯᠠᠭᠴᠢ ᠶᠢᠨ ᠠᠵᠢᠯ ᠳᠠᠭᠠᠨ ᠮᠠᠰᠢ ᠣᠮᠣᠭᠰᠢᠯᠳᠠᠢ ᠪᠦᠬᠡᠳ ᠰᠡᠳᠬᠢᠯ ᠳᠦᠬᠦᠷᠡᠩ ᠪᠠᠶᠢᠪᠠ᠃ ᠡᠨᠡ ᠵᠢᠯ ᠬᠡᠳᠦᠶᠢᠪᠡᠷ ᠬᠡᠷ ᠲᠡᠭᠡᠨ ︽ᠬᠤᠣᠰ ᠪᠠᠶᠠᠷ ᠤᠨ ᠡᠳᠦᠷ︾ ᠢ ᠦᠩᠬᠡᠷᠡᠬᠦᠯᠵᠦ ᠳᠡᠶᠢᠯᠬᠦ ᠦᠬᠡᠢ ᠪᠣᠯᠪᠠᠴᠣ ᠵᠢᠷᠭᠤᠭᠠᠨ ᠨᠠᠰᠣᠳᠠᠢ ᠦᠬᠢᠨ ᠨᠢ ᠵᠢᠯ ᠪᠦᠷᠢ ᠦᠪᠡᠷ ᠤᠨ ᠪᠦᠲᠦᠬᠡᠯ ᠢᠶᠠᠨ ᠪᠡᠯᠡᠭᠯᠡᠳᠡᠭ ᠢ ᠪᠣᠳᠣᠬᠤ ᠳᠤ ᠮᠠᠨᠳᠣᠯ᠎ᠠ ᠦᠪᠡᠷ ᠤᠨ ᠡᠷᠭᠡ ᠦᠬᠡᠢ ᠣᠮᠣᠭᠰᠢᠨ ᠪᠠᠶᠠᠷᠯᠠᠳᠠᠭ ᠪᠠᠶᠢᠯ᠎ᠠ᠃ ᠮᠠᠨᠳᠣᠯ᠎ᠠ᠄ ︽ᠡᠨᠡ ᠭᠠᠷᠠᠭ ᠤᠨ ᠡᠳᠦᠷ ᠰᠣᠪᠢᠯᠠᠭᠴᠢ ᠶᠢᠨ ᠪᠠᠶᠠᠷ ᠤᠨ ᠡᠳᠦᠷ ᠮᠦᠷᠳᠡᠭᠡᠨ ᠡᠬᠡᠴᠣᠤᠯ ᠤᠨ ᠪᠠᠶᠠᠷ  ᠤᠨ ᠡᠳᠦᠷ᠂ ᠦᠪᠡᠷ ᠤᠨ ᠠᠵᠢᠯ ᠤᠨ ᠶᠠᠭᠠᠷᠠᠣ ᠠᠴᠠ ᠪᠣᠯᠵᠦ ᠬᠡᠷ ᠲᠡᠭᠡᠨ ᠬᠠᠷᠢᠵᠦ ᠡᠵᠢ᠂ ᠦᠬᠢᠨ ᠲᠠᠢ ᠪᠠᠨ ᠦᠩᠬᠡᠷᠡᠬᠦᠯᠵᠦ ᠳᠡᠶᠢᠯᠬᠦ ᠦᠬᠡᠢ ᠨᠢ ᠮᠠᠰᠢ ᠬᠠᠷᠠᠮᠰᠠᠯᠳᠠᠢ᠃ ᠮᠢᠨᠦ ᠬᠡᠣᠬᠡᠨ ᠴᠡᠴᠡᠷᠯᠢᠭ ᠲᠤ ᠣᠷᠣᠭᠰᠠᠨ ᠤ ᠳᠠᠷᠠᠭ᠎ᠠ ᠦᠪᠡᠷ ᠤᠨ ᠬᠢᠭᠰᠡᠨ ᠪᠦᠲᠦᠬᠡᠯ ᠢᠶᠠᠨ ᠨᠠᠮ᠎ᠠ ᠳᠤ ᠦᠭᠬᠦ ᠳᠤ ᠪᠢ ᠶᠡᠭᠡ ᠣᠮᠣᠭᠰᠢᠳᠠᠭ᠂ ᠡᠵᠢ ᠪᠣᠯᠣᠭᠰᠠᠨ ᠤ ᠳᠠᠷᠠᠭ᠎ᠠ ᠪᠢ ᠡᠵᠢ ᠬᠦᠮᠦᠨ ᠤ ᠬᠠᠶᠢᠷ᠎ᠠ ᠠᠭᠤᠣ ᠶᠡᠭᠡ ᠬᠡᠳᠡᠭ ᠢ ᠣᠶᠢᠯᠠᠭᠠᠵᠦ ᠮᠡᠳᠡᠭᠰᠡᠨ᠃ ᠡᠨᠡ ᠪᠠᠶᠠᠷ ᠤᠨ ᠡᠳᠦᠷ  ᠤᠨ ᠳᠠᠰᠢᠷᠠᠮ ᠢᠶᠠᠷ ᠪᠦᠬᠦ ᠡᠵᠢ ᠬᠦᠮᠦᠨ ᠳᠤ ᠪᠠᠶᠠᠷ ᠤᠨ ᠡᠳᠦᠷ ᠤᠨ ᠮᠡᠨᠲᠣ ᠶᠢ ᠬᠦᠷᠭᠡᠵᠦ ᠠᠷᠣ ᠬᠡᠷ ᠨᠢ ᠠᠵᠠ ᠵᠢᠷᠭᠠᠯ ᠲᠠᠢ ᠡᠪᠡᠳᠴᠢᠨ ᠵᠣᠪᠠᠯᠠᠩ ᠦᠬᠡᠢ ᠪᠠᠶᠢᠬᠤ ᠶᠢ ᠬᠦᠰᠡᠵᠦ ᠪᠠᠶᠢᠨ᠎ᠠ᠃ ᠪᠠᠰᠠ ᠪᠦᠬᠦ ᠰᠣᠪᠢᠯᠠᠭᠴᠢ ᠳᠠᠭᠠᠨ ᠰᠣᠪᠢᠯᠠᠭᠴᠢ ᠶᠢᠨ ᠪᠠᠶᠠᠷ ᠤᠨ ᠡᠳᠦᠷ ᠤᠨ ᠮᠡᠨᠲᠣ ᠶᠢ ᠬᠦᠷᠭᠡᠶ᠎ᠡ︾ ᠬᠡᠵᠦ ᠶᠠᠷᠢᠵᠦ ᠪᠠᠶᠢᠪᠠ᠃      ᠰᠤᠪᠢᠯᠠᠭᠴᠢ ᠶᠢᠨ ᠠᠵᠢᠯ ᠪᠤᠯ ᠦᠡᠭᠭᠡ ᠬᠡᠷᠡᠯᠳᠡᠢ᠃ ᠳᠡᠳᠡ ᠬᠦᠴᠢᠷ᠂ ᠵᠦᠳᠡᠷᠡᠯ᠂ ᠵᠢᠮᠡᠯᠡᠯ ᠢ ᠲᠡᠰᠪᠤᠷᠢᠯᠡᠵᠤ  ᠡᠪᠡᠳᠴᠢᠳᠠᠨ ᠤ ᠵᠤᠪᠠᠯᠠᠩ ᠢ ᠲᠠᠶᠢᠯᠵᠤ ᠬᠦᠴᠢᠷ ᠢ ᠨᠢ ᠰᠢᠢᠳᠪᠤᠷᠢᠯᠡᠨ ᠬᠠᠶᠢᠷ᠎ᠠ ᠶᠢᠨ ᠬᠤᠷ᠎ᠠ ᠪᠠᠷ ᠢᠶᠠᠨ ᠡᠪᠡᠳᠴᠢᠳᠡᠨ ᠤ ᠰᠡᠳᠬᠢᠯ ᠢ ᠤᠮᠳᠠᠯᠠᠵᠦ ᠬᠠᠯᠠᠮᠵᠢ ᠶᠢᠨ ᠤᠴᠢ ᠪᠠᠷ ᠢᠶᠠᠨ ᠡᠪᠡᠳᠴᠢᠳᠡᠨ ᠤ ᠰᠡᠳᠬᠢᠯ ᠢ ᠳᠤᠯᠠᠭᠠᠴᠠᠭᠤᠯᠤᠨ ᠢᠨᠢᠶᠡᠮᠰᠦᠭᠯᠡᠵᠦ ᠶᠠᠪᠤᠳᠠᠭ ᠃ ᠡᠶᠢᠮᠦᠷᠬᠦ ᠰᠣᠪᠢᠯᠠᠭᠴᠢ ᠶᠢᠨ ᠨᠢᠭᠡ ᠨᠢ ᠬᠤᠰᠢᠭᠤ ᠮᠣᠩᠭᠤᠯ ᠡᠮᠨᠡᠯᠬᠡ ᠶᠢᠨ ᠶᠡᠷᠦᠩᠬᠡᠶᠢᠯᠡᠭᠰᠡᠨ ᠡᠮᠨᠡᠯᠬᠡ ᠶᠢᠨ ᠬᠤᠷᠢᠶᠠᠨ ᠤ ᠰᠣᠪᠢᠯᠠᠭᠴᠢ ᠠᠷᠢᠭᠤᠨ᠎ᠠ ᠪᠠᠶᠢᠯ᠎ᠠ᠃ ᠲᠡᠷᠡ᠄ ︽ᠡᠪᠡᠳᠴᠢᠳᠡᠨ ᠢ ᠡᠪᠡᠳᠴᠢᠨ ᠡᠮᠬᠡᠭ ᠠᠴᠠ ᠨᠢ ᠰᠠᠯᠭᠠᠵᠦ ᠡᠷᠳᠡᠭᠡᠨ ᠡᠷᠡᠬᠦᠯᠵᠢᠬᠦᠯᠵᠦ ᠡᠮᠨᠡᠯᠬᠡ ᠠᠴᠠ ᠭᠠᠷᠭᠠᠬᠤ ᠦᠶ᠎ᠡ  ᠳᠤ ᠪᠢᠳᠡ ᠦᠨᠡᠨ ᠰᠡᠳᠬᠢᠯ ᠠᠴᠠ ᠪᠠᠨ ᠣᠮᠣᠭᠰᠢᠨ ᠪᠠᠶᠠᠷᠯᠠᠳᠠᠭ᠃ ᠡᠨᠡ ᠡᠳᠦᠷ ᠮᠦᠨᠴᠦ ᠳᠡᠯᠡᠬᠡᠢ ᠶᠢᠨ ᠡᠬᠡᠴᠣᠳ  ᠤᠨ ᠪᠠᠶᠠᠷ ᠤᠨ ᠡᠳᠦᠷ ᠮᠦᠨ ᠪᠠᠶᠢᠨ᠎ᠠ᠃ ᠡᠨᠡ ᠡᠳᠦᠷ ᠬᠡᠷ ᠲᠡᠭᠡᠨ ᠬᠠᠷᠢᠵᠦ ᠡᠵᠢ ᠳᠡᠭᠡᠨ ᠪᠠᠶᠠᠷ ᠤᠨ ᠡᠳᠦᠷ ᠢ ᠨᠢ ᠪᠡᠯᠬᠡᠯᠡᠵᠦ ᠳᠡᠶᠢᠯᠬᠦ ᠦᠬᠡᠢ ᠪᠣᠯᠪᠠᠴᠣ ᠠᠳᠡ ᠠᠴᠠ ᠪᠣᠢ ᠪᠦᠬᠦᠢ ᠡᠭᠡᠴᠤᠤᠯ ᠲᠡᠭᠡᠨ ᠪᠠᠶᠠᠷ ᠤᠨ ᠡᠳᠦᠷ ᠤᠨ ᠮᠡᠨᠲᠣ ᠬᠦᠷᠭᠡᠵᠦ ᠪᠠᠶᠢᠨ᠎ᠠ︾ ᠬᠡᠵᠦ ᠶᠠᠷᠢᠵᠦ ᠪᠠᠶᠢᠪᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号