ᠡᠷᠳᠡᠨᠢ ᠰᠢᠰᠢ ᠲᠠᠷᠢᠬᠤ ᠰᠢᠨ᠎ᠠ ᠮᠡᠷᠭᠡᠵᠢᠯ ᠨᠢ ᠮᠠᠯᠴᠢᠨ ᠲᠠᠷᠢᠶᠠᠴᠢᠨ ᠤ ᠰᠣᠩᠭᠤᠯᠳᠠ ᠪᠤᠯᠵᠤ ᠪᠠᠶᠢᠨ᠎ᠠ
ᠨᠡᠶᠢᠲᠡᠯᠡᠭᠰᠡᠨ ᠴᠠᠭ᠄
2019-05-14
     ᠤᠠᠯᠠᠩᠭᠢ ᠮᠠᠯᠴᠢᠨ ᠲᠠᠷᠢᠶᠠᠴᠢᠳ ᠭᠠᠵᠠᠷ ᠬᠠᠭᠠᠯᠪᠣᠷᠢᠯᠠᠭᠰᠠᠨ ᠤ ᠰᠠᠭᠦᠯᠡᠷ ᠡᠷᠳᠡᠨᠢ ᠰᠢᠰᠢ ᠲᠠᠷᠢᠳᠠᠭ ᠪᠠᠶᠢᠨ᠎ᠠ ᠃ ᠭᠡᠭᠦ ᠳᠤ ᠰᠢᠨ᠎ᠡ ᠴᠠᠭ ᠦᠶ᠎ᠡ ᠳᠤ ᠤᠷᠤᠵᠤ ᠰᠢᠨ᠎ᠡ ᠮᠡᠷᠭᠡᠵᠢᠯ ᠲᠦᠭᠡᠮᠡᠯᠵᠡᠭᠰᠡᠨ ᠦᠨᠦᠳᠤᠷ  ᠵᠠᠷᠢᠮ ᠮᠠᠯᠴᠢᠨ ᠲᠠᠷᠢᠶᠠᠴᠢᠳ ᠰᠢᠨ᠎ᠡ ᠮᠡᠷᠭᠡᠵᠢᠯ ᠢᠶᠠᠷ ᠡᠷᠳᠡᠨᠢ ᠰᠢᠰᠢ ᠲᠠᠷᠢᠵᠤ ᠴᠠᠭ᠂ ᠬᠦᠳᠡᠯᠮᠤᠷᠢ ᠬᠦᠴᠦ ᠪᠠᠨ  ᠠᠷᠪᠢᠯᠠᠵᠤ ᠪᠠᠶᠢᠨ᠎ᠠ      ᠰᠤᠷᠪᠤᠯᠵᠢᠯᠠᠭᠴᠢ ᠭᠠᠯᠠᠭᠤᠳᠤ ᠪᠠᠯᠭᠠᠰᠤᠨ ᠤ ᠪᠤᠵᠠᠢ ᠭᠠᠴᠠᠭᠠᠨ ᠤ ᠮᠠᠯᠴᠢᠨ ᠪᠠᠷᠢᠨᠳᠠᠭ ᠤᠨ ᠭᠡᠷ ᠲᠤ ᠬᠦᠷᠬᠦ  ᠳᠤ ᠡᠳᠡᠨ ᠤ ᠬᠢᠨ ᠦᠩᠭᠡᠷᠡᠭᠰᠡᠨ ᠵᠢᠯ ᠤᠳ ᠤᠨ ᠭᠠᠵᠠᠷ ᠬᠠᠭᠠᠯᠪᠤᠷᠢᠯᠠᠭᠰᠠᠨ ᠤ ᠲᠠᠷᠠᠭ᠎ᠠ ᠡᠷᠳᠡᠨᠢ ᠰᠢᠰᠢ ᠲᠠᠷᠢᠬᠤ ᠤᠯᠠᠮᠵᠢᠯᠠᠯᠳᠤ ᠠᠷᠭ᠎ᠠ ᠪᠠᠨ ᠦᠬᠡᠷᠡᠴᠢᠯᠡᠨ ᠭᠠᠵᠠᠷ ᠬᠠᠭᠠᠯᠪᠤᠷᠢᠯᠠᠬᠤ ᠦᠭᠡᠢ ᠪᠠᠷ ᠲᠠᠷᠢᠬᠤ ᠰᠢᠨ᠎ᠡ ᠮᠡᠷᠭᠡᠵᠢᠯ ᠢ ᠬᠡᠷᠡᠭᠯᠡᠨ ᠳᠠᠷᠢᠵᠣ ᠪᠡᠶᠢᠯ᠎ᠠ᠃ ᠲᠡᠷᠡ᠄ ︽ᠦᠩᠭᠡᠷᠡᠭᠰᠡᠨ ᠳᠤ ᠮᠠᠨ ᠤ ᠬᠢᠨ ᠭᠠᠵᠠᠷ ᠢᠶᠠᠨ ᠡᠷᠭᠢᠭᠦᠯᠦᠨ᠎ᠠ᠃ ᠬᠦᠮᠦᠨ  ᠤ ᠬᠦᠴᠦ ᠪᠠᠷ ᠦᠷ᠎ᠡ ᠤᠷᠤᠭᠤᠯᠬᠤ ᠪᠤᠶᠤ ᠮᠠᠰᠢᠨ ᠢᠶᠠᠷ ᠦᠷ᠎ᠡ ᠤᠷᠤᠭᠤᠯᠵᠤ ᠨᠡᠯᠢᠶᠡᠳ ᠴᠠᠭ ᠭᠡᠷᠡᠭᠯᠡᠳᠡᠭ ᠪᠠᠶᠢᠨ᠎ᠠ᠃ ᠭᠡᠪᠡᠴᠤ ᠤᠳᠣ ᠡᠨᠡ ᠰᠢᠨ᠎ᠡ ᠮᠠᠰᠢᠨ ᠢᠶᠠᠷ ᠦᠷ᠎ᠡ ᠤᠷᠤᠭᠤᠯᠬᠤ ᠳᠤ ᠨᠢᠭᠡ ᠴᠠᠭ᠂ ᠴᠠᠭ ᠢᠯᠠᠭᠦᠤ ᠲᠡᠭᠡᠷ᠎ᠡ ᠪᠦᠷ ᠪᠠᠷᠠᠴᠢᠬᠠᠨ᠎ᠠ᠃ ᠡᠨᠡ ᠨᠢ ᠵᠤᠭᠤᠰ ᠮᠦᠩᠭᠦᠨ ᠳᠤ ᠭᠠᠮᠳᠠᠢ᠂ ᠴᠠᠭ ᠳᠤ ᠴᠤ ᠭᠠᠮᠳᠠᠢ᠃ ᠪᠠᠰᠠ ᠨᠢᠭᠡ ᠰᠠᠶᠢᠨ ᠲᠠᠢ ᠲᠠᠯ᠎ᠠ ᠭᠡᠪᠠᠯ ᠤᠷᠢᠳᠴᠢᠯᠠᠵᠤ 15 ᠡᠳᠤᠷ ᠪᠤᠯᠪᠠᠰᠤᠷᠠᠴᠢᠬᠠᠨ᠎ᠠ ᠭᠡᠵᠦ ᠪᠠᠶᠢᠨ᠎ᠠ᠃ ᠪᠢ ᠡᠨᠡ ᠵᠢᠯ ᠠᠩᠬ᠎ᠠ ᠤᠳᠠᠭ᠎ᠠ ᠡᠨᠡ ᠮᠠᠰᠢᠨ ᠢᠶᠠᠷ ᠲᠠᠷᠢᠵᠤ ᠦᠵᠡᠯ᠎ᠡ︾ ᠭᠡᠵᠤ ᠶᠠᠷᠢᠵᠤ ᠪᠠᠶᠢᠯ᠎ᠠ᠃      ᠭᠠᠵᠠᠷ ᠬᠠᠭᠠᠯᠪᠤᠷᠢᠯᠠᠬᠤ ᠦᠭᠡᠢ ᠪᠠᠷ ᠡᠷᠳᠡᠨᠢ ᠰᠢᠰᠢ ᠲᠠᠷᠢᠬᠤ ᠮᠡᠷᠭᠡᠵᠢᠯ ᠪᠤᠯ ᠭᠠᠯᠠᠭᠤᠳᠣ ᠪᠠᠯᠭᠠᠰᠣᠨ ᠤ ᠪᠣᠵᠠᠢ ᠭᠠᠴᠠᠭᠠᠨ ᠤ ︽ᠦᠷᠬᠡᠵᠢᠯ︾ ᠬᠤᠷᠰᠢᠶᠠᠵᠢᠯ ᠡᠨ᠋ᠨ ᠬᠠᠪᠣᠷ ᠠᠩᠬᠠᠯᠠᠨ ᠳᠦᠬᠡᠮᠡᠯᠵᠢᠬᠦᠯᠣᠨ ᠭᠡᠷᠡᠭᠵᠢᠬᠦᠯᠵᠣ ᠪᠠᠶᠢᠭ᠎ᠠ ᠰᠢᠨ᠎ᠡ ᠮᠠᠶ᠋ᠢᠭ ᠤᠨ ᠡᠷᠳᠡᠨᠢ ᠰᠢᠰᠢ ᠳᠠᠷᠢᠬᠤ ᠮᠡᠷᠬᠡᠵᠢᠯ ᠪᠣᠯᠣᠨ᠎ᠠ᠃ ᠤᠷᠤᠢ ᠲᠠᠷᠢᠵᠤ ᠡᠷᠳᠠ ᠴᠢᠬᠢᠯᠡᠳᠡᠭ ᠡᠨᠡᠭᠦ ᠮᠡᠷᠭᠡᠵᠢᠯ ᠨᠢ ᠮᠠᠯᠴᠢᠨ ᠳᠠᠷᠢᠶᠠᠴᠢᠳ ᠤᠨ ᠭᠠᠵᠠᠷ ᠬᠠᠭᠠᠯᠪᠤᠷᠢᠯᠠᠬᠤ᠂ ᠭᠠᠵᠠᠷ ᠬᠠᠭᠠᠯᠪᠤᠷᠢᠯᠠᠭᠰᠠᠨ ᠤ ᠲᠠᠷᠠᠭ᠎ᠠ ᠲᠠᠬᠢᠨ ᠲᠡᠭᠰᠢᠯᠡᠭᠦ ᠵᠡᠷᠭᠡ ᠶᠠᠪᠣᠴᠠ ᠶᠢ ᠲᠦᠬᠦᠮᠴᠢᠯᠡᠳᠡᠭ ᠢᠶᠠᠷ ᠪᠠᠷᠠᠬᠤ ᠦᠭᠡᠢ ᠪᠠᠰᠠ ᠭᠠᠵᠠᠷ ᠤᠨ  ᠴᠢᠬᠢᠭ ᠤᠨ ᠭᠡᠮᠵᠢᠶ᠎ᠡ ᠶᠢ ᠪᠠᠳᠣᠯᠠᠬᠤ᠂ ᠴᠠᠭ ᠬᠤᠭᠤᠴᠠᠭ᠎ᠠ ᠶᠢ ᠠᠷᠪᠢᠯᠠᠬᠤ ᠮᠦᠷᠳᠡᠭᠡᠨ ᠮᠠᠯᠴᠢᠨ ᠳᠠᠷᠢᠶᠠᠴᠢᠳ ᠤᠨ ᠳᠠᠷᠢᠶᠠᠯᠠᠭ᠎ᠠ  ᠳᠤ ᠵᠡᠷᠣᠴᠠᠭᠤᠯᠬᠤ ᠵᠣᠭᠤᠰ ᠮᠦᠡᠭᠬᠦ ᠢ ᠠᠷᠪᠢᠯᠠᠵᠣ ᠴᠢᠳᠡᠳᠠᠭ ᠪᠠᠶᠢᠨ᠎ᠠ᠃        ︽ᠦᠷᠭᠡᠵᠢᠯ︾ ᠬᠤᠷᠰᠢᠶᠠᠵᠢᠯ ᠤᠨ ᠬᠠᠷᠢᠭᠤᠴᠠᠯᠭᠠᠳᠠᠨ ᠬᠤᠷᠴᠠᠪᠢᠯᠢᠭ᠌᠄ ︽ᠮᠠᠨ ᠤ ᠰᠢᠨᠡᠷᠭᠦᠤ ᠮᠠᠶ᠋ᠢᠭ ᠤᠨ ᠲᠠᠷᠢᠬᠤ ᠮᠠᠰᠢᠨ ᠢ ᠬᠠᠷᠠᠮᠦ᠋ᠷᠢᠨ ᠮᠤᠵᠢ᠂ ᠨᠢᠩᠰᠢᠶᠡ ᠵᠡᠷᠭᠡ ᠲᠤᠮᠤ ᠲᠠᠷᠢᠶᠠᠯᠠᠬᠤ ᠤᠷᠤᠨ ᠳᠤ ᠶᠡᠭᠡ ᠭᠡᠪᠴᠢᠶ᠎ᠡ ᠪᠠᠷ ᠭᠡᠷᠡᠭᠯᠡᠵᠦ ᠪᠠᠶᠢᠨ᠎ᠠ᠃ ᠮᠠᠨ ᠤ ᠠᠳᠡ ᠦᠨᠳᠤᠰᠤᠨ ᠳᠤ ᠪᠠᠨ ᠭᠡᠷᠡᠭᠯᠡᠭᠡᠳᠦᠢ᠃ ᠤᠳᠣ ᠨᠢᠭᠡ ᠪᠦᠯᠦᠭ ᠰᠤᠶᠣᠯ ᠲᠠᠢ᠂ ᠮᠡᠳᠡᠯᠭᠡ ᠲᠠᠢ ᠵᠠᠯᠠᠭᠤᠴᠤᠳ ᠡᠨᠡ ᠮᠡᠷᠭᠡᠵᠢᠯ ᠢ ᠲᠤᠷᠰᠢᠨ ᠭᠡᠷᠡᠭᠯᠡᠵᠦ ᠡᠨᠡ ᠵᠢᠯ ᠦᠤᠰᠢᠨ ᠬᠤᠰᠢᠭᠤᠨ ᠤ ᠭᠠᠯᠠᠭᠤᠳᠤ ᠶᠢᠨ ᠪᠤᠵᠠᠢ ᠭᠠᠴᠠᠭᠠᠨ ᠳᠤ ᠭᠤᠷᠪᠠ ᠲᠦᠷᠪᠡᠨ ᠠᠶᠢᠯ ᠰᠢᠨ᠎ᠡ ᠮᠠᠶ᠋ᠢᠭ ᠢᠶᠠᠷ ᠲᠠᠷᠢᠭᠰᠠᠨ ᠪᠠᠶᠢᠨ᠎ᠠ᠃ ᠬᠦᠷᠦᠰᠤᠨ ᠤ ᠴᠢᠬᠢᠭ ᠢ ᠬᠠᠳᠠᠭᠠᠯᠠᠬᠤ ᠨᠢ ᠰᠠᠶᠢᠨ᠂ ᠪᠠᠰᠠ ᠪᠤᠯᠪᠠᠰᠤᠷᠠᠬᠤ ᠬᠤᠭᠤᠴᠠᠭ᠎ᠠ ᠨᠢ 7 —15 ᠡᠳᠤᠷ ᠤᠷᠢᠳᠴᠢᠯᠠᠳᠠᠭ ᠰᠠᠶᠢᠨ ᠲᠠᠯ᠎ᠠ ᠲᠠᠢ᠃ ᠲᠤᠰ ᠲᠠᠷᠢᠮᠠᠯ ᠤᠨ ᠮᠠᠰᠢᠨ ᠪᠤᠯ ᠭᠧᠷᠮᠠᠨ ᠤᠯᠣᠰ ᠤᠨ ᠮᠠᠰᠢᠨ᠂ ᠮᠠᠨ ᠤ ᠤᠯᠣᠰ ᠤᠳᠣᠬᠠᠨ ᠳᠤ ᠡᠷᠳᠡᠨᠢ ᠰᠢᠰᠢ ᠲᠠᠷᠢᠬᠤ ᠬᠠᠮᠤᠭ ᠤᠨ ᠲᠡᠷᠢᠭᠦᠨ ᠤ ᠮᠠᠰᠢᠨ ᠪᠤᠯᠤᠨ᠎ᠠ︾ ᠬᠡᠪᠡ᠃2015 ᠤᠨ ᠳᠤ ᠪᠠᠶᠢᠭᠤᠯᠤᠭᠳᠠᠭᠰᠠᠨ ︽ᠦᠷᠭᠡᠵᠢᠯ︾ ᠬᠤᠷᠰᠢᠶᠠᠵᠢᠯ ᠪᠤᠯ ᠮᠠᠯᠴᠢᠨ ᠲᠠᠷᠢᠶᠠᠴᠢᠨ ᠳᠤ ᠲᠠᠷᠢᠶᠠᠯᠠᠩ ᠤᠨ ᠰᠢᠨ᠎ᠡ ᠮᠡᠷᠭᠡᠵᠢᠯ ᠬᠠᠩᠭᠠᠳᠠᠭ ᠮᠠᠯ ᠲᠠᠷᠢᠶᠠᠯᠠᠩ ᠤᠨ ᠮᠠᠰᠢᠨᠴᠢᠯᠠᠯᠲᠠ ᠶᠢᠨ ᠬᠤᠷᠰᠢᠶᠠᠵᠢᠯ  ᠪᠤᠯᠤᠨ᠎ᠠ᠃ ᠡᠨᠡ ᠵᠢᠯ ︽ᠦᠷᠭᠡᠵᠢᠯ︾  ᠬᠤᠷᠰᠢᠶᠠᠵᠢᠯ ᠨᠢ ᠡᠨᠡᠬᠦ ᠰᠢᠨ᠎ᠠ ᠮᠡᠷᠭᠡᠵᠢᠯ ᠢ ᠭᠠᠯᠠᠭᠤᠳᠣ ᠪᠠᠯᠭᠠᠰᠣᠨ ᠤ ᠪᠣᠵᠠᠢ᠂ ᠰᠠᠷᠠᠭᠤᠯᠨᠣᠳᠤᠭ ᠵᠡᠷᠬᠡ ᠭᠠᠴᠠᠭ᠎ᠠ ᠳᠣᠰᠬᠤᠨ ᠤ ᠮᠠᠯᠴᠢᠨ ᠳᠠᠷᠢᠶᠠᠴᠢᠨ ᠡᠷᠣᠬᠡ ᠳᠤ 400 ᠭᠠᠷᠣᠢ ᠮᠣ᠋ ᠳᠦᠬᠡᠮᠡᠯᠵᠢᠬᠦᠯᠣᠨ ᠳᠠᠷᠢᠵᠣ ᠳᠦᠬᠦᠮ ᠳᠦᠳᠡ᠂ ᠦᠨᠳᠣᠷ ᠠᠰᠢᠭᠯᠠᠮᠵᠢ ᠪᠠᠷ ᠮᠠᠯᠴᠢᠨ ᠳᠠᠷᠢᠶᠠᠴᠢᠳ ᠲᠤ ᠣᠶᠢᠯᠡᠴᠢᠯᠡᠭᠡ ᠬᠠᠨᠭ᠍ᠭᠠᠵᠣ ᠪᠠᠶᠢᠨ᠎ᠠ᠃  
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号