ᠠᠭᠤᠷ ᠠᠮᠢᠰᠬᠤᠯ ᠤᠨ ᠨᠥᠯᠦᠬᠡᠯᠡᠯ ᠠᠴᠠ ᠪᠤᠯᠵᠦ ᠣᠶᠢᠷ᠎ᠠ ᠶᠢᠨ ᠡᠳᠤᠷ ᠮᠠᠨ ᠤ ᠬᠤᠰᠢᠭᠤᠨ ᠤ ᠵᠠᠷᠢᠮ | ᠭᠠᠵᠠᠷ ᠤᠳ ᠢᠶᠠᠷ ᠬᠤᠷᠤᠬᠠᠢ ᠶᠢᠨ ᠬᠦᠨᠤᠬᠡᠯ ᠡᠬᠦᠰᠴᠦ ᠰᠤᠷᠪᠤᠯᠵᠢᠯᠠᠭᠴᠢ ᠡᠨᠡ ᠤᠳᠠᠭᠠᠨ ᠤ ᠬᠤᠷᠤᠬᠠᠢ ᠶᠢᠨ | ᠬᠦᠨᠤᠬᠡᠯ ᠢᠶᠠᠷ ᠨᠡᠯᠢᠶᠡᠳ ᠬᠦᠨᠳᠤ ᠪᠠᠶᠢᠭ᠎ᠠ ᠮᠠᠨ ᠤ ᠬᠤᠰᠢᠭᠤᠨ ᠤ ᠦᠤᠰᠢᠨᠵᠤᠤ ᠪᠠᠯᠭᠠᠰᠤ ᠶᠢᠨ ᠮᠠᠯᠴᠢᠳ ᠤᠨ ᠬᠡᠷ | ᠢᠶᠠᠷ ᠬᠦᠨᠵᠡᠬᠡᠶᠢᠷᠡᠵᠦ 5 ᠰᠠᠷ᠎ᠠ ᠶᠢᠨ 12 ᠤᠨ ᠡᠳᠤᠷ ᠪᠤᠯᠳᠠᠯ᠎ᠠ ᠬᠤᠷᠤᠬᠠᠢ ᠶᠢᠨ ᠬᠦᠨᠤᠬᠡᠯ ᠡᠬᠦᠰᠦᠭᠰᠡᠨ ᠪᠤᠳᠠᠳᠤ | ᠪᠠᠶᠢᠳᠠᠯ ᠢ ᠣᠶᠢᠯᠠᠭᠠᠯ᠎ᠠ᠃ | ᠦᠤᠰᠢᠨᠵᠤᠤ ᠪᠠᠯᠭᠠᠰᠤᠨ ᠤ ᠪᠦᠷᠢᠳᠤ ᠭᠠᠴᠠᠭᠠᠨ ᠤ ᠮᠠᠯᠴᠢᠨ ᠨᠡᠬᠡᠬᠡᠭᠴᠢ᠄ ︽4 ᠰᠠᠷ᠎ᠠ ᠶᠢᠨ ᠰᠡᠬᠦᠯᠴᠢ ᠠᠴᠠ | ᠡᠬᠢᠯᠡᠬᠡᠳ ᠬᠤᠷᠤᠬᠠᠢ ᠪᠠᠭᠤᠵᠦ ᠮᠢᠨᠤ ᠮᠢᠩᠭ᠎ᠠ ᠭᠠᠷᠤᠢ ᠮᠤ᠋ ᠶᠢᠨ ᠪᠡᠯᠴᠢᠬᠡᠷ ᠲᠤ ᠦᠨᠳᠤᠰᠤᠨ ᠳᠡᠭᠡᠨ ᠪᠦᠷ | ᠬᠤᠷᠤᠬᠠᠢ ᠪᠠᠭᠤᠭᠰᠠᠨ᠂ ᠬᠦᠨᠳᠤ ᠰᠢᠭ ᠨᠢ ᠪᠦᠷ ᠢᠳᠡᠬᠡᠳ ᠪᠠᠷᠠᠭᠰᠠᠨ᠂ ᠬᠦᠩᠬᠡᠨ ᠰᠢᠭ ᠨᠢ ᠪᠠᠰᠠ ᠲᠠᠷ ᠲᠤᠷ | ᠨᠠᠮᠠᠭ᠎ᠠ ᠪᠠᠶᠢᠨ᠎ᠠ᠃ ᠡᠨᠡ ᠤᠳᠠᠭᠠᠨ ᠤ ᠬᠤᠷᠤᠬᠠᠢ ᠶᠢᠨ ᠬᠦᠨᠤᠬᠡᠯ ᠨᠢ ᠭᠤᠤᠯᠳᠠᠭᠤ ᠪᠡᠯᠴᠢᠬᠡᠷ ᠳᠠᠬᠢ ᠬᠠᠷᠭᠠᠨ᠎ᠠ | ᠡᠪᠡᠰᠤᠨ ᠳᠤ ᠢᠯᠡᠷᠡᠭᠰᠡᠨ ᠮᠥᠷᠲᠡᠬᠡᠨ ᠣᠳᠠᠭᠠᠨ ᠵᠢᠯ ᠣᠷᠭᠤᠭᠰᠠᠨ ᠬᠠᠷᠭᠠᠨ᠎ᠠ ᠳᠤ ᠶᠡᠭᠡ ᠬᠡᠪᠴᠢᠶ᠎ᠡ ᠢᠶᠠᠷ ᠡᠬᠦᠰᠴᠤ | ᠡᠪᠡᠰᠤ ᠣᠷᠭᠤᠮᠠᠯ ᠤᠨ ᠣᠷᠭᠤᠴᠠ ᠶᠢ ᠵᠤᠬᠢᠬᠤ ᠬᠡᠮᠵᠢᠶ᠎ᠡ ᠪᠠᠷ ᠨᠥᠯᠦᠬᠡᠯᠡᠭᠰᠡᠨ ᠪᠠᠶᠢᠨ᠎ᠠ︾ ᠭᠡᠵᠤ ᠶᠠᠷᠢᠵᠤ ᠪᠠᠶᠢᠯ᠎ᠠ᠃ | | ᠮᠠᠨ ᠤ ᠬᠤᠰᠢᠭᠤᠨ ᠤ ᠣᠢ ᠰᠢᠭᠤᠢ ᠪᠠ ᠨᠤᠲᠤᠭ ᠪᠡᠯᠴᠢᠬᠡᠷ ᠤᠨ ᠬᠠᠮᠢᠶᠠᠷᠤᠯᠳᠠ ᠶᠢᠨ ᠲᠤᠪᠴᠢᠶᠠᠨ ᠤ | ᠠᠵᠢᠯᠳᠠᠳ ᠤᠨ ᠲᠠᠨᠢᠯᠴᠠᠭᠤᠯᠬᠤ ᠪᠠᠷ᠂ ᠡᠨᠡ ᠨᠢ ︽ᠬᠠᠪᠤᠷ ᠤᠨ ᠲᠦᠬᠡᠯᠡᠬᠦᠷ ᠬᠤᠷᠤᠬᠠᠢ︾ ᠶᠢᠨ ᠬᠦᠨᠤᠬᠡᠯ ᠪᠠᠶᠢᠵᠦ | ᠲᠦᠬᠡᠯᠡᠬᠦᠷ ᠬᠤᠷᠤᠬᠠᠢ ᠨᠢ ᠡᠷᠪᠡᠬᠡᠢ ᠶᠢᠨ ᠰᠠᠯᠠᠭᠠᠨ ᠤ ᠰᠢᠪᠠᠵᠢ ᠳᠤ ᠬᠠᠷᠢᠶᠠᠯᠠᠭᠳᠠᠵᠦ ᠣᠮᠠᠷᠠᠳᠤ ᠣᠷᠤᠨ ᠤ ᠨᠠᠪᠴᠢ | ᠪᠠᠷ ᠢᠳᠡᠰᠢ ᠪᠤᠯᠭᠠᠳᠠᠭ ᠭᠤᠤᠯᠳᠠᠯᠭᠠᠳᠠᠢ ᠬᠦᠨᠤᠭᠡᠯᠳᠤ ᠬᠤᠷᠤᠬᠠᠢ ᠶᠢᠨ ᠨᠢᠭᠡ ᠪᠠᠶᠢᠵᠦ ᠨᠢᠯᠬ᠎ᠠ ᠬᠤᠷᠤᠬᠠᠢ ᠶᠢᠨ | ᠦᠰᠦᠯᠳᠡ ᠲᠦᠷᠬᠡᠨ ᠨᠢᠭᠳᠠᠴᠠ ᠨᠢ ᠶᠡᠭᠡ ᠪᠠᠶᠢᠵᠦ ᠣᠬᠤᠷᠬᠠᠨ ᠬᠤᠭᠤᠴᠠᠭᠠᠨ ᠳᠤ ᠡᠪᠡᠰᠤ ᠣᠷᠭᠤᠮᠠᠯ ᠢ ᠶᠡᠬᠡᠬᠡᠨ | ᠦᠷᠡᠵᠦ ᠰᠦᠢᠳᠬᠡᠳᠡᠭ ᠪᠠᠶᠢᠨ᠎ᠠ᠃ | ᠬᠤᠯᠪᠤᠭᠳᠠᠯ ᠪᠦᠬᠦᠢ ᠪᠠᠶᠢᠭᠤᠯᠭ᠎ᠠ ᠨᠢᠭᠡᠴᠢ ᠶᠢᠨ ᠪᠦᠷᠢᠨ ᠪᠤᠰᠤ ᠪᠦᠷᠢᠳᠬᠡᠯ ᠢᠶᠠᠷ ᠡᠨᠡ ᠣᠳᠠᠭ᠎ᠠ ᠶᠢᠨ | ᠬᠤᠷᠤᠬᠠᠢ ᠶᠢᠨ ᠬᠦᠨᠦᠬᠡᠯ ᠨᠢ ᠦᠤᠰᠢᠨᠵᠤᠤ ᠪᠠᠯᠭᠠᠰᠤ ᠪᠠ ᠭᠠᠯᠠᠭᠤᠳᠤ ᠪᠠᠯᠭᠠᠰᠤ ᠶᠢᠨ 130 ᠭᠠᠷᠤᠢ ᠲᠥᠮᠡᠨ ᠮᠤ᠋ | ᠪᠡᠯᠴᠢᠬᠡᠷ ᠲᠤ ᠠᠳᠠᠯᠢ ᠪᠤᠰᠤ ᠬᠡᠮᠵᠢᠶ᠎ᠡ ᠪᠠᠷ ᠢᠯᠡᠷᠡᠵᠦ ᠡᠬᠦᠨ ᠳᠤ ᠬᠦᠨᠳᠤ ᠬᠦᠨᠤᠬᠡᠯ ᠡᠬᠦᠰᠦᠭᠰᠡᠨ ᠨᠤᠲᠤᠭ | ᠪᠡᠯᠴᠢᠬᠡᠷ ᠤᠨ ᠲᠠᠯᠠᠪᠠᠢ ᠨᠢ 30 ᠭᠠᠷᠤᠢ ᠲᠥᠮᠡᠨ ᠮᠤ᠋ ᠳᠤ ᠬᠦᠷᠦᠭᠰᠡᠨ ᠪᠠᠶᠢᠨ᠎ᠠ᠃ |