ᠦᠤᠰᠢᠨ ᠵᠠᠰᠠᠭ ᠠᠯᠪᠠᠨ ᠳᠠᠷᠬᠠᠭᠠᠬᠤ〔2019〕9 ᠳ᠋ᠦ᠋ᠬᠡᠷ ᠲᠤᠭᠠᠳᠦ | ᠡᠯ᠎ᠡ ᠠᠵᠣ ᠠᠬᠤᠢ ᠶᠢᠨ ᠨᠡᠬᠡᠬᠡᠯᠳᠡ ᠶᠢᠨ ᠲᠣᠭᠤᠷᠢᠭ ︵ᠬᠦᠷᠢᠶᠠᠯᠠᠩ︶ ᠤᠨ ᠬᠠᠮᠢᠶᠠᠷᠣᠯᠲᠠ ᠶᠢᠨ ᠵᠦᠪᠯᠡᠯ᠂ ᠡᠯ᠎ᠡ | ᠰᠣᠮᠣ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠰᠠᠯᠠᠭ᠎ᠠ ᠮᠦᠴᠢᠷ᠂ ᠡᠯ᠎ᠡ | ᠰᠢᠭᠤᠳ ᠬᠠᠷᠢᠶ᠎ᠠ ᠨᠢᠬᠡᠴᠡ ᠵᠢᠴᠢ ᠠᠵᠣ ᠠᠬᠤᠶᠢᠯᠡᠯ ᠠᠵᠢᠯ ᠣᠶᠢᠯᠡᠰ ᠤᠨ ᠨᠢᠬᠡᠴᠢ ᠳᠤ᠄ | ︽2019 ᠣᠨ ᠤ ᠦᠣᠰᠢᠨ ᠬᠤᠰᠢᠭᠤᠨ ᠤ ᠣᠶᠢᠵᠢᠭᠤᠯᠭ᠎ᠠ ᠨᠣᠭᠤᠭᠠᠷᠠᠭᠤᠯᠣᠯᠳᠠ ᠶᠢᠨ ᠠᠵᠢᠯ ᠤᠨ | ᠲᠦᠰᠥᠯ︾ ᠢ ᠬᠤᠰᠢᠭᠤ ᠠᠷᠠᠳ ᠤᠨ ᠵᠠᠰᠠᠭ ᠤᠨ ᠣᠷᠳᠣᠨ ᠢᠶᠠᠷ ᠵᠦᠪᠰᠢᠶᠠᠷᠡᠬᠦᠯᠵᠣ᠂ ᠡᠳᠦᠬᠡ ᠳᠠᠨᠡᠷ ᠲᠤ | ᠳᠠᠷᠣᠮᠠᠯᠯᠠᠨ ᠳᠠᠷᠬᠠᠭᠠᠪᠠ᠂ ᠪᠤᠳᠠᠳᠣ ᠪᠠᠶᠢᠳᠠᠯ ᠲᠠᠢ ᠪᠠᠨ ᠣᠶᠠᠯᠳᠣᠭᠤᠯᠣᠨ ᠨᠠᠷᠢᠨ ᠬᠢᠨᠠᠮᠠᠭᠠᠢ ᠵᠣᠬᠢᠶᠠᠨ ᠪᠠᠶᠢᠭᠤᠯᠣᠨ | ᠬᠡᠷᠡᠭᠵᠢᠬᠦᠯᠦᠬᠡᠷᠡᠢ᠃ | ᠦᠣᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠬᠡᠷ | 2019 ᠣᠨ ᠤ 3 ᠰᠠᠷ᠎ᠠ ᠶᠢᠨ 25 ᠡᠳᠦᠷ | | 2019 ᠣᠨ ᠤ ᠦᠣᠰᠢᠨ ᠬᠤᠰᠢᠭᠤᠨ ᠤ ᠬᠠᠪᠣᠷ ᠤᠨ ᠣᠯᠠᠷᠢᠯ ᠤᠨ | ᠣᠶᠢᠵᠢᠭᠤᠯᠭ᠎ᠠ ᠨᠣᠭᠤᠭᠠᠷᠠᠭᠤᠯᠣᠯᠳᠠ ᠶᠢᠨ ᠠᠵᠢᠯ ᠤᠨ ᠳᠦᠰᠥᠯ | ᠰᠢ ᠶᠢᠨ ᠫᠢᠩ ᠶᠡᠷᠦᠩᠬᠡᠢ ᠱᠦᠵᠢ ᠶᠢᠨ ︽ᠬᠦᠬᠡᠮᠳᠣᠭ᠌ ᠠᠭᠤᠯᠠ ᠴᠡᠩᠬᠡᠭ ᠣᠰᠣ ᠪᠣᠯ ᠠᠯᠳᠠ ᠮᠦᠩᠬᠦᠨ | ᠠᠭᠤᠯᠠ ᠮᠦᠨ︾ ᠬᠡᠬᠦ ᠦᠵᠡᠯ ᠰᠠᠨᠠᠭ᠎ᠠ ᠪᠠ ︽ᠳᠠᠪᠤ ᠶᠢ ᠨᠢᠬᠡ ᠴᠣᠭᠴᠠᠵᠢᠭᠤᠯᠬᠤ︾ ᠶᠠᠷᠦᠩᠬᠡᠢ ᠪᠠᠶᠢᠷᠢᠯᠠᠭᠤᠯᠣᠯᠳᠠ | ᠶᠢ ᠬᠦᠨᠵᠡᠬᠡᠢ ᠳᠣᠭᠤᠰᠢᠯᠠᠭᠤᠯᠣᠨ ᠨᠠᠶᠢᠳᠠᠪᠣᠷᠢᠵᠢᠭᠤᠯᠵᠣ ᠪᠦᠬᠦ ᠠᠷᠠᠳ ᠤᠨ ᠠᠮᠢ ᠠᠬᠤᠢ ᠶᠢᠨ ᠪᠣᠯᠪᠠᠰᠣᠨ ᠤ | ᠦᠵᠡᠯ ᠣᠬᠠᠮᠰᠠᠷ ᠢ ᠳᠡᠬᠡᠭᠰᠢᠯᠡᠬᠦᠯᠥᠨ ᠣᠯᠣᠰ ᠤᠨ ᠭᠠᠵᠠᠷ ᠰᠢᠷᠦᠢ ᠶᠢᠨ ᠨᠣᠭᠤᠭᠠᠷᠠᠭᠤᠯᠣᠯᠳᠠ ᠶᠢᠨ ᠠᠬᠢᠴᠠ ᠶᠢ | ᠴᠢᠨᠠᠭᠰᠢᠳᠠ ᠲᠦᠯᠬᠢᠨ ᠠᠬᠢᠭᠤᠯᠵᠣ ᠨᠣᠮᠢᠨ ᠳᠠᠩᠰᠤᠭ ᠦᠣᠰᠢᠨ ᠤ ᠰᠢᠨ᠎ᠡ ᠴᠠᠭ ᠦᠶ᠎ᠡ ᠳᠠᠬᠢ ᠨᠣᠮᠢᠨ ᠳᠠᠩᠰᠤᠭ | ᠬᠦᠭᠵᠢᠨ ᠮᠠᠨᠳᠣᠯᠳᠠ ᠶᠢ ᠪᠠᠶᠠᠯᠡᠬᠦᠯᠬᠦ ᠪᠠᠷ ᠳᠣᠰ ᠲᠦᠰᠥᠯ ᠢ ᠣᠨᠴᠠᠭᠠᠶᠢᠯᠠᠨ ᠳᠣᠭᠳᠠᠭᠠᠪᠠ᠃ | ᠨᠢᠬᠡ᠂ ᠵᠢᠯᠣᠭᠤᠳᠬᠤ ᠦᠵᠡᠯ ᠰᠠᠨᠠᠭ᠎ᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠬᠡᠮ ᠵᠢᠷᠣᠮ ᠤᠨ | ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠨ᠂ ᠨᠠᠮ ᠤᠨ ᠠᠷᠪᠠ ᠶᠢᠰᠣᠳᠣᠬᠡᠷ ᠶᠡᠭᠡ ᠬᠤᠷᠠᠯ ᠪᠠ ᠠᠷᠪᠠ | ᠶᠢᠰᠣᠳᠣᠬᠡᠷ ᠬᠤᠭᠤᠴᠠᠭᠠᠨ ᠤ ᠬᠤᠶᠠᠳᠣᠭᠠᠷ᠂ ᠭᠤᠷᠪᠠᠳᠣᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ | ᠳᠣᠭᠤᠰᠢᠯᠠᠭᠤᠯᠵᠣ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠣᠨ ᠤ ᠦᠵᠡᠯ ᠰᠠᠨᠠᠭ᠎ᠠ ᠵᠢᠴᠢ ᠰᠢ ᠶᠢᠨ ᠫᠢᠩ | ᠶᠡᠷᠦᠩᠬᠡᠢ ᠱᠦᠵᠢ ᠶᠢᠨ ᠦᠪᠣᠷ ᠮᠣᠩᠭᠤᠯ ᠤᠨ ᠲᠥᠯᠥᠬᠡᠯᠡᠭᠴᠢᠳ ᠤᠨ ᠪᠦᠯᠬᠦᠮ ᠤᠨ ᠬᠢᠨᠡᠨ ᠵᠦᠪᠯᠡᠬᠦ ᠳᠤ | ᠣᠷᠣᠯᠴᠠᠬᠤ ᠦᠶᠡᠰ ᠤᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠬᠦᠨᠵᠡᠬᠡᠢ ᠳᠣᠭᠤᠰᠢᠯᠠᠭᠤᠯᠣᠨ ᠠᠮᠢ ᠠᠬᠤᠢ | ᠶᠢᠨ ᠪᠣᠯᠪᠠᠰᠣᠨ ᠤ ᠪᠦᠳᠦᠬᠡᠨ ᠪᠠᠶᠢᠭᠤᠯᠣᠯᠳᠠ ᠶᠢᠨ ᠳᠣᠭᠤᠷᠢᠨ ᠳᠤ ᠬᠢᠵᠠᠭᠠᠷ ᠱᠤᠭᠤᠮ ᠤᠨ ᠰᠡᠳᠬᠢᠬᠦᠢ ᠶᠢ ᠪᠠᠳᠣ | ᠪᠣᠢ ᠪᠣᠯᠭᠠᠵᠣ ᠠᠵᠢᠯ ᠤᠨ ᠳᠣᠭᠳᠠᠯ ᠬᠦᠴᠦᠨ ᠢ ᠬᠠᠮᠠᠭᠠᠯᠠᠨ ᠨᠢᠬᠡᠳᠣᠯᠳᠡᠢ ᠲᠥᠯᠥᠪᠵᠢᠬᠦᠯᠥᠨ ᠭᠤᠣᠯᠳᠠᠯᠭ᠎ᠠ ᠶᠢ | ᠳᠣᠪᠣᠶᠢᠯᠭᠠᠨ ᠣᠶᠢᠵᠢᠭᠤᠯᠵᠣ ᠨᠣᠭᠤᠭᠠᠷᠠᠭᠤᠯᠬᠤ ᠠᠵᠢᠯ ᠤᠨ ᠲᠦᠪᠰᠢᠨ ᠢ ᠳᠠᠰᠣᠷᠠᠯᠳᠠ ᠦᠬᠡᠢ ᠳᠡᠬᠡᠭᠰᠢᠯᠡᠬᠦᠯᠣᠨ | ᠪᠦᠬᠦ ᠬᠤᠰᠢᠭᠤᠨ ᠤ ᠠᠵᠣ ᠠᠬᠤᠢ ᠨᠡᠶᠢᠬᠡᠮ ᠤᠨ ᠦᠷᠬᠦᠯᠵᠢᠯᠡᠨ ᠡᠷᠡᠬᠦᠯ ᠢᠶᠠᠷ ᠬᠦᠭᠵᠢᠬᠦ ᠳᠤ ᠰᠠᠶᠢᠨ ᠰᠠᠶᠢᠬᠠᠨ | ᠠᠮᠢ ᠠᠬᠤᠢ ᠶᠢᠨ ᠣᠷᠴᠢᠨ ᠢ ᠡᠬᠦᠳᠴᠣ ᠦᠭᠬᠦ ᠬᠡᠷᠡᠭᠳᠡᠢ᠃ | ᠬᠤᠶᠡᠷ᠂ ᠵᠣᠬᠢᠶᠠᠨ ᠪᠠᠶᠢᠭᠤᠯᠣᠯᠳᠠ ᠶᠢᠨ ᠬᠡᠯᠪᠠᠷᠢ | ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠨᠢᠬᠡᠳᠣᠯᠳᠡᠢ ᠵᠣᠬᠢᠶᠠᠨ ᠪᠠᠶᠢᠭᠤᠯᠣᠨ ᠬᠤᠰᠢᠭᠤ ᠣᠢ | ᠰᠢᠭᠤᠢ ᠪᠠ ᠨᠣᠳᠤᠭ ᠪᠡᠯᠴᠢᠬᠡᠷ ᠤᠨ ᠳᠣᠪᠴᠢᠶ᠎ᠠ ᠠᠴᠠ ᠪᠣᠳᠠᠳᠠᠢ ᠬᠠᠷᠢᠭᠤᠴᠠᠨ ᠮᠡᠷᠬᠡᠵᠢᠯ ᠤᠨ ᠵᠢᠯᠣᠭᠤᠳᠣᠯᠭ᠎ᠠ | ᠬᠢᠵᠣ ᠬᠠᠷᠢᠶᠠᠳᠣ ᠣᠷᠣᠨ ᠤ ᠬᠠᠮᠢᠶᠠᠷᠣᠯᠳᠠ ᠪᠠ ᠣᠷᠣᠨ ᠬᠡᠰᠡᠭ ᠬᠤᠪᠢᠶᠠᠨ ᠬᠠᠷᠢᠭᠤᠴᠠᠬᠤ ᠵᠠᠷᠴᠢᠮ ᠢ | ᠦᠨᠳᠣᠰᠣᠯᠡᠨ ᠡᠯ᠎ᠡ ᠠᠵᠣ ᠠᠬᠤᠢ ᠶᠢᠨ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶᠂ ᠡᠯ᠎ᠡ ᠰᠣᠮᠣ ᠪᠠᠯᠭᠠᠰᠣ᠂ | ᠡᠯ᠎ᠡ ᠰᠠᠯᠠᠭ᠎ᠠ ᠮᠦᠴᠢᠷ ᠤᠨ ᠬᠢᠨ ᠬᠠᠪᠣᠷ ᠤᠨ ᠣᠯᠠᠷᠢᠯ ᠤᠨ ᠮᠣᠳᠣ ᠳᠠᠷᠢᠵᠣ ᠣᠶᠢᠵᠢᠭᠤᠯᠬᠤ ᠡᠬᠦᠷᠬᠡ ᠶᠢ ᠨᠠᠷᠢᠨ | ᠬᠢᠨᠠᠮᠠᠭᠠᠢ ᠪᠡᠶᠡᠯᠡᠬᠦᠯᠬᠦ ᠬᠡᠷᠡᠭᠳᠡᠢ᠃ | ᠭᠤᠷᠪᠠ᠂ ᠠᠵᠢᠯ ᠤᠨ ᠭᠤᠣᠯᠳᠠᠯᠭ᠎ᠠ | ᠦᠣᠰᠢᠨ ᠤ ᠪᠦᠬᠦ ᠣᠷᠣᠨ ᠪᠦᠰᠠ ᠶᠢᠨ ᠵᠢᠭᠤᠯᠴᠢᠯᠡᠯ ᠤᠨ ᠣᠶᠢᠯᠡᠰ ᠤᠨ ᠬᠦᠭᠵᠢᠯᠳᠡ ᠪᠠ ᠦᠵᠡᠰᠬᠦᠯᠡᠩᠳᠣ | ᠰᠠᠶᠢᠬᠠᠨ ᠬᠦᠳᠡᠭᠡ ᠳᠣᠰᠬᠤᠨ ᠤ ᠪᠦᠳᠦᠬᠡᠨ ᠪᠠᠶᠢᠭᠤᠯᠣᠯᠳᠠ ᠲᠠᠢ ᠣᠶᠠᠯᠳᠣᠭᠤᠯᠣᠨ ᠭᠤᠣᠯᠳᠠᠯᠭᠠᠳᠣ ᠣᠷᠣᠨ ᠪᠦᠰᠠ | ᠶᠢᠨ ᠨᠣᠭᠤᠭᠠᠷᠠᠭᠤᠯᠣᠯᠳᠠ ᠪᠠ ᠠᠯᠪᠠᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭ᠎ᠠ ᠶᠢᠨ ᠠᠷᠭ᠎ᠠ ᠪᠠᠷᠢᠯ ᠢᠶᠠᠷ | ᠳᠠᠮᠵᠢᠨ ᠬᠤᠳᠠ ᠪᠠᠯᠭᠠᠰᠣᠨ ᠤ ᠬᠠᠵᠠᠭᠤ ᠬᠠᠪᠢ᠂ ᠵᠠᠮ ᠬᠠᠷᠢᠯᠴᠠᠭᠠᠨ ᠤ ᠠᠭᠤᠯᠵᠠᠷ ᠴᠡᠭ᠂ ᠠᠶᠢᠯ ᠳᠣᠰᠬᠤᠨ ᠤ | ᠬᠠᠵᠠᠭᠤ ᠬᠠᠪᠢ᠂ ᠮᠠᠯᠴᠢᠨ ᠳᠠᠷᠢᠶᠠᠴᠢᠨ ᠡᠷᠦᠬᠡ ᠶᠢᠨ ᠵᠣᠴᠢᠯᠠᠭ᠎ᠠ ᠵᠡᠷᠬᠡ ᠭᠠᠵᠠᠷ ᠣᠷᠣᠨ ᠤ ᠨᠣᠭᠤᠭᠠᠷᠠᠭᠤᠯᠣᠯᠳᠠ | ᠶᠢ ᠦᠷᠬᠦᠯᠵᠢᠯᠡᠨ ᠰᠠᠶᠢᠳᠣᠷ ᠬᠢᠨ᠎ᠡ᠃ | ︵ᠨᠢᠬᠡ︶ ᠭᠤᠣᠯ ᠪᠣᠯᠬᠤ ᠵᠠᠮ ᠬᠠᠷᠢᠯᠴᠠᠭᠠᠨ ᠤ ᠵᠠᠮ ᠱᠤᠭᠤᠮ᠂ ᠭᠠᠴᠠᠭ᠎ᠠ ᠳᠣᠰᠬᠤᠨ ᠳᠤ ᠨᠠᠪᠳᠠᠷᠠᠬᠦ | ᠵᠠᠰᠠᠮᠠᠯ ᠵᠠᠮ ᠤᠨ ᠳᠠᠭᠠᠣ ᠨᠣᠭᠤᠭᠠᠷᠠᠭᠤᠯᠣᠯᠳᠠ ᠶᠢᠨ ᠠᠵᠢᠯ ᠢ ᠰᠠᠶᠢᠳᠣᠷ ᠠᠳᠬᠤᠵᠣ ᠦᠤᠰᠢᠨᠵᠣᠣ ᠠᠴᠠ | ᠭᠠᠯᠠᠭᠤᠳᠣ ᠬᠦᠷᠬᠦ᠂ S215 ᠵᠠᠮ᠂ ᠭᠠᠯᠠᠭᠤᠳᠣ ᠠᠴᠠ ᠳ᠋ᠠ ᠼᠣᠣ ᠸᠠᠨ ᠬᠦᠷᠬᠦ ᠵᠠᠮ᠂ ᠠᠮᠠᠨᠴᠢᠷᠭ᠎ᠠ ᠠᠴᠠ ᠪᠠᠭ᠎ᠠ | ᠬᠤᠭᠤᠯᠠᠶᠢᠳᠣ ᠬᠦᠷᠬᠦ ᠵᠠᠮ ᠤᠨ ᠬᠠᠵᠠᠭᠤ ᠪᠠᠷ ᠨᠣᠭᠤᠭᠠᠷᠠᠭᠤᠯᠵᠣ ᠪᠣᠷᠭᠠᠰᠣ᠂ ᠬᠤᠩᠭᠤᠷᠴᠣᠭᠳᠣ ᠮᠣᠳᠣ ᠵᠡᠷᠬᠡ | ᠨᠣᠳᠤᠭ ᠤᠨ ᠮᠣᠳᠣ ᠶᠢ ᠳᠠᠷᠢᠵᠣ ᠨᠣᠭᠤᠭᠠᠷᠠᠭᠤᠯᠣᠯᠳᠠ ᠶᠢᠨ ᠪᠦᠳᠣᠮᠵᠢ ᠶᠢ ᠴᠢᠨᠠᠭᠰᠢᠳᠠ ᠪᠠᠳᠣᠳᠬᠠᠨ | ᠨᠡᠮᠡᠭᠳᠡᠬᠦᠯᠣᠨ᠎ᠠ᠃ | ︵ᠬᠤᠶᠡᠷ︶ ᠬᠠᠣᠯᠢ ᠲᠦᠷᠢᠮ ᠢ ᠵᠦᠷᠢᠴᠠᠨ ᠣᠶᠢᠳᠣ ᠭᠠᠵᠠᠷ ᠢ ᠡᠵᠡᠯᠡᠭᠰᠡᠨ ᠪᠣᠯ ᠬᠡᠷᠡᠭ ᠲᠤ | ᠬᠤᠯᠪᠣᠭᠳᠠᠭᠰᠠᠨ ᠪᠠᠶᠢᠭᠤᠯᠭ᠎ᠠ ᠨᠢᠬᠡᠴᠢ ᠪᠠ ᠬᠤᠪᠢ ᠬᠦᠮᠦᠨ ᠢ ᠡᠷᠡᠰ ᠱᠠᠭᠠᠷᠳᠠᠨ ᠣᠷᠭᠤᠮᠠᠯ ᠤᠨ ᠪᠦᠷᠬᠦᠴᠡ ᠶᠢ | ᠰᠡᠷᠬᠦᠬᠡᠯᠬᠡᠵᠣ ᠣᠨᠴᠠᠭᠠᠶᠢᠯᠠᠨ ᠣᠢ ᠰᠢᠭᠤᠢ᠂ ᠨᠣᠳᠤᠭ ᠪᠠᠯᠴᠢᠬᠡᠷ ᠢ ᠡᠪᠳᠡᠨ ᠰᠦᠢᠳᠬᠡᠵᠣ ᠠᠳᠠᠷ | ᠬᠠᠭᠠᠯᠪᠣᠷᠢᠯᠠᠭᠰᠠᠨ ᠪᠣᠯ ᠬᠤᠯᠪᠣᠭᠳᠠᠯ ᠪᠦᠬᠦᠢ ᠰᠠᠯᠠᠭ᠎ᠠ ᠮᠦᠴᠢᠷ ᠤᠨ ᠬᠢᠨ ᠣᠰᠣ ᠴᠠᠬᠢᠯᠭᠠᠨ ᠨᠡᠪᠳᠡᠷᠡᠬᠦᠯᠬᠦ ᠪᠠᠷ | ᠵᠦᠪᠰᠢᠶᠠᠷᠡᠭᠰᠡᠨ ᠭᠠᠵᠠᠷ ᠤᠨ ᠬᠤᠯᠪᠣᠭᠳᠠᠯ ᠪᠦᠬᠦᠢ ᠰᠠᠯᠠᠭ᠎ᠠ ᠮᠦᠴᠢᠷ ᠤᠨ ᠬᠢᠨ ᠢ ᠡᠷᠡᠰ ᠱᠠᠭᠠᠷᠳᠠᠨ ᠣᠷᠭᠤᠮᠠᠯ ᠤᠨ | ᠪᠦᠷᠬᠦᠴᠡ ᠶᠢ ᠰᠡᠷᠬᠦᠬᠡᠵᠣ ᠣᠣᠯ ᠤᠨ ᠣᠷᠭᠤᠮᠠᠯ ᠤᠨ ᠲᠦᠷᠥᠯ ᠵᠣᠶᠢᠯ ᠢ ᠰᠡᠷᠬᠦᠬᠡᠬᠦ ᠬᠡᠷᠡᠭᠳᠡᠢ︔ | ︵ᠭᠤᠷᠪᠠ︶ ᠬᠤᠰᠢᠭᠤ ᠵᠠᠰᠠᠭ ᠤᠨ ᠣᠷᠳᠣᠨ ᠤ ᠰᠠᠭᠤᠷᠢᠰᠢᠭ᠎ᠠ ᠭᠠᠵᠠᠷ ᠤᠨ ᠬᠠᠵᠠᠭᠤ ᠬᠠᠪᠢ ᠶᠢᠨ ᠭᠠᠴᠠᠭ᠎ᠠ | ᠳᠣᠰᠬᠤᠨ ᠤ ᠨᠣᠭᠤᠭᠠᠷᠠᠭᠤᠯᠣᠯᠳᠠ ᠭᠤᠶᠣᠵᠢᠭᠤᠯᠣᠯᠳᠠ ᠶᠢᠨ ᠠᠵᠢᠯ ᠢ ᠭᠤᠣᠯᠳᠠᠯᠭ᠎ᠠ ᠲᠠᠢ ᠰᠠᠶᠢᠳᠣᠷ ᠬᠢᠵᠣ | ᠨᠦᠬᠦᠵᠣ ᠳᠠᠷᠢᠬᠤ ᠨᠦᠬᠦᠵᠣ ᠣᠶᠢᠵᠢᠭᠤᠯᠬᠤ ᠠᠵᠢᠯ ᠢ ᠰᠠᠶᠢᠳᠣᠷ ᠬᠢᠬᠦ ᠬᠡᠷᠡᠭᠳᠡᠢ᠃ ᠳᠣᠬᠠᠢ ᠶᠢᠨ ᠭᠠᠵᠠᠷ ᠲᠤᠨᠢ | ᠳᠣᠬᠢᠷᠠᠭᠤᠯᠣᠨ ᠲᠦᠷᠪᠠᠨ ᠲᠦᠷᠥᠯ ᠤᠨ ᠠᠶᠢᠯ ᠳᠣᠰᠬᠤᠨ ᠤ ᠨᠣᠭᠤᠭᠠᠷᠠᠭᠤᠯᠣᠯᠳᠠ ᠶᠢᠨ ᠦᠨᠳᠣᠰᠣᠨ ᠬᠡᠯᠪᠠᠷᠢ ᠶᠢ | ᠪᠣᠢ ᠪᠣᠯᠭᠠᠵᠣ ᠳᠠᠷᠦᠢ ᠰᠠᠯᠡᠬᠦᠴᠠᠯ ᠵᠢᠭᠤᠯᠴᠢᠯᠡᠯ ᠨᠣᠭᠤᠭ᠎ᠠ ᠵᠢᠮᠢᠰ ᠳᠡᠬᠦᠬᠦ ᠪᠠᠷ ᠭᠤᠣᠯᠯᠠᠭᠤᠯᠣᠭᠰᠠᠨ ᠵᠢᠭᠤᠯᠴᠢᠯᠡᠯ | ᠤᠨ ᠣᠶᠢᠯᠡᠴᠢᠯᠡᠬᠡᠨ ᠤ ᠬᠡᠯᠪᠠᠷᠢ ᠶᠢᠨ ᠠᠶᠢᠯ ᠳᠣᠰᠬᠤᠨ᠂ ᠦᠵᠡᠮᠵᠢ ᠪᠠᠷ ᠭᠤᠣᠯᠯᠠᠭᠤᠯᠣᠭᠰᠠᠨ ᠠᠮᠢ ᠠᠬᠤᠢ ᠶᠢᠨ | ᠬᠦᠷᠢᠶᠠᠯᠠᠩ ᠶᠢᠨ ᠬᠡᠯᠪᠠᠷᠢ ᠶᠢᠨ ᠠᠶᠢᠯ ᠳᠣᠰᠬᠤᠨ᠂ ᠠᠵᠣ ᠠᠬᠤᠢ ᠶᠢᠨ ᠦᠷ᠎ᠡ ᠠᠰᠢᠭ ᠪᠠ ᠨᠣᠭᠤᠭᠠᠷᠠᠭᠤᠯᠣᠯᠳᠠ ᠶᠢ | ᠣᠶᠠᠯᠳᠣᠭᠤᠯᠣᠭᠰᠠᠨ ᠠᠵᠣ ᠠᠬᠤᠢ ᠶᠢᠨ ᠠᠵᠣ ᠣᠶᠢᠯᠡᠰ ᠤᠨ ᠬᠡᠯᠪᠠᠷᠢ ᠶᠢᠨ ᠠᠶᠢᠯ ᠳᠣᠰᠬᠤᠨ ᠪᠠ ᠳᠠᠷᠢᠵᠣ | ᠣᠶᠢᠵᠢᠭᠤᠯᠣᠭᠰᠠᠨ ᠣᠢ ᠰᠢᠭᠤᠢ᠂ ᠬᠠᠯᠬᠠᠪᠴᠢ ᠣᠢ ᠪᠠᠷ ᠭᠤᠣᠯᠯᠠᠭᠤᠯᠣᠭᠰᠠᠨ ᠬᠡᠯᠪᠠᠷᠢ ᠶᠢᠨ ᠠᠶᠢᠯ ᠳᠣᠰᠬᠤᠨ | ᠪᠣᠯᠣᠨ᠎ᠠ︔ | ︵ᠲᠦᠷᠪᠠ︶ ᠣᠣᠯ ᠤᠨ ᠬᠢᠷᠢ ᠳᠠᠩᠴᠡᠭᠰᠡᠨ ᠦᠬᠡᠢ ᠣᠶᠢᠵᠢᠭᠤᠯᠣᠯᠳᠠ ᠶᠢᠨ ᠭᠠᠵᠠᠷ ᠲᠤ ᠨᠦᠬᠦᠵᠣ | ᠣᠶᠢᠵᠢᠭᠤᠯᠵᠣ᠂ ᠳᠣᠷᠯᠤᠭ᠂ ᠪᠣᠷᠭᠠᠰᠣ᠂ ᠬᠠᠷᠭᠠᠨ᠎ᠠ᠂ ᠪᠣᠷᠣ ᠬᠤᠩᠭᠤᠷᠴᠣᠭᠳᠣ ᠮᠣᠳᠣ ᠵᠡᠷᠬᠡ ᠨᠣᠳᠤᠭ ᠤᠨ | ᠮᠣᠳᠣᠨ ᠤ ᠲᠦᠷᠥᠯ ᠢ ᠨᠦᠬᠦᠵᠣ ᠳᠠᠷᠢᠨ᠎ᠠ︔ | ︵ᠳᠠᠪᠤ︶ ᠭᠠᠯᠳᠣ ᠳᠡᠷᠬᠡᠨ ᠡᠮᠣᠨ᠎ᠠ ᠦᠷᠳᠡᠭᠡ ᠶᠢᠨ ᠬᠠᠵᠠᠭᠤ ᠬᠠᠪᠢ ᠪᠠᠷ ᠡᠯ᠎ᠡ ᠲᠦᠷᠥᠯ ᠤᠨ ᠠᠷᠭ᠎ᠠ | ᠪᠠᠷᠢᠯ ᠢ ᠠᠰᠢᠭᠯᠠᠨ ᠣᠶᠢᠵᠢᠭᠤᠯᠵᠣ ᠨᠣᠭᠤᠭᠠᠷᠠᠭᠤᠯᠣᠨ᠎ᠠ︔ | ︵ᠵᠢᠷᠭᠤᠭ᠎ᠠ︶ ᠬᠦᠷᠣᠰᠣ ᠰᠢᠷᠦᠢ ᠤᠰᠤᠨ ᠤ ᠨᠦᠬᠦᠴᠡᠯ ᠪᠠ ᠠᠭᠤᠷ ᠠᠮᠢᠰᠬᠤᠯ ᠤᠨ ᠳᠣᠬᠢᠷᠠᠮᠵᠢᠳᠠᠢ | ᠣᠷᠣᠨ ᠳᠤ ᠨᠢᠬᠡ ᠪᠦᠯᠥᠭ ᠠᠵᠣ ᠠᠬᠤᠢ ᠶᠢᠨ ᠣᠢ ᠶᠢ ᠳᠠᠷᠢᠵᠣ ᠣᠶᠢᠵᠢᠭᠤᠯᠣᠨ᠎ᠠ︔ | ︵ᠳᠣᠯᠤᠭ᠎ᠠ︶ ᠨᠢᠬᠡ ᠪᠦᠯᠥᠭ ᠣᠶᠢᠵᠢᠭᠤᠯᠭ᠎ᠠ ᠶᠢᠨ ᠭᠤᠣᠯᠳᠠᠯᠭᠠᠳᠣ ᠡᠷᠦᠬᠡ ᠪᠠ ᠠᠮᠢ ᠠᠬᠤᠢ ᠶᠢᠨ | ᠬᠦᠷᠢᠶᠠᠯᠠᠩ ᠤᠨ ᠬᠡᠯᠪᠠᠷᠢ ᠶᠢᠨ ᠵᠢᠱᠢᠶᠠᠴᠢ ᠡᠷᠦᠬᠡ ᠶᠢ ᠪᠣᠢ ᠪᠣᠯᠭᠠᠨ᠎ᠠ︔ | ︵ᠨᠠᠢᠮᠠ︶ ᠬᠠᠪᠣᠷ ᠤᠨ ᠣᠯᠠᠷᠢᠯ ᠤᠨ ᠲᠦᠪᠯᠡᠷᠡᠬᠦᠯᠣᠨ ᠣᠶᠢᠵᠢᠭᠤᠯᠬᠤ ᠠᠵᠢᠯᠯᠠᠭᠠᠨ ᠢ ᠨᠢᠬᠡᠳᠣᠯᠳᠡᠢ | ᠪᠠᠶᠢᠷᠢᠯᠠᠭᠤᠯᠣᠨ᠎ᠠ︔ | ᠲᠦᠷᠪᠠ᠂ ᠡᠬᠦᠷᠬᠡ ᠶᠢᠨ ᠪᠠᠶᠢᠷᠢᠯᠠᠭᠤᠯᠣᠯᠳᠠ | ︵ᠨᠢᠬᠡ︶ ᠬᠤᠰᠢᠭᠤ ᠰᠢᠭᠤᠳ ᠬᠠᠷᠢᠶ᠎ᠠ ᠠᠯᠪᠠᠨ ᠪᠠᠶᠢᠭᠤᠯᠭ᠎ᠠ ᠶᠢᠨ ᠣᠶᠢᠵᠢᠭᠤᠯᠭ᠎ᠠ ᠶᠢᠨ ᠠᠵᠢᠯ ᠤᠨ | ᠡᠬᠦᠷᠬᠡ᠃ | 2019 ᠣᠨ ᠤ ᠬᠠᠪᠣᠷ ᠤᠨ ᠣᠯᠠᠷᠢᠯ ᠤᠨ ᠣᠶᠢᠵᠢᠭᠤᠯᠭ᠎ᠠ ᠶᠢ ᠬᠤᠰᠢᠭᠤ ᠰᠢᠭᠤᠳ ᠬᠠᠷᠢᠶ᠎ᠠ ᠠᠯᠪᠠᠨ | ᠪᠠᠶᠢᠭᠤᠯᠭ᠎ᠠ ᠡᠯ᠎ᠡ ᠰᠠᠯᠠᠭ᠎ᠠ ᠮᠦᠴᠢᠷ ᠤᠨ ᠬᠢᠨ ︽3 + 1︾ ᠬᠠᠪᠰᠣᠷᠣᠨ ᠳᠡᠳᠬᠦᠬᠦ ᠭᠠᠴᠠᠭ᠎ᠠ ᠳᠣᠰᠬᠤᠨ ᠲᠠᠢ | ᠪᠠᠨ ᠬᠠᠷᠢᠯᠴᠠᠵᠣ ᠣᠶᠢᠵᠢᠭᠤᠯᠭ᠎ᠠ ᠶᠢᠨ ᠭᠠᠵᠠᠷ ᠢᠶᠠᠨ ᠳᠣᠭᠳᠠᠭᠠᠨ ᠭᠤᠣᠯᠳᠠᠭᠤ ᠵᠠᠮ ᠤᠨ ᠬᠤᠶᠡᠷ ᠬᠠᠵᠠᠭᠤ ᠪᠠᠷ | ᠪᠣᠷᠭᠠᠰᠣ ᠪᠠ ᠪᠣᠷᠣ ᠬᠤᠩᠭᠤᠷᠴᠣᠭᠳᠣ ᠮᠣᠳᠣ ᠵᠡᠷᠬᠡ ᠶᠢ ᠳᠠᠷᠢᠨ᠎ᠠ᠃ | ︵ᠬᠤᠶᠡᠷ︶ ᠨᠡᠶᠢᠬᠡᠮ ᠢᠶᠠᠷ ᠢᠶᠠᠨ ᠣᠶᠢᠵᠢᠭᠤᠯᠭ᠎ᠠ ᠬᠢᠬᠦ ᠶᠢ ᠢᠳᠡᠪᠬᠢᠳᠡᠢ ᠠᠬᠢᠭᠤᠯᠵᠣ ᠡᠯ᠎ᠡ ᠲᠦᠷᠥᠯ ᠤᠨ | ᠭᠤᠣᠯ ᠴᠤᠭᠴᠠ ᠶᠢ ᠵᠢᠯᠣᠭᠤᠳᠣᠨ ᠮᠣᠳᠣ ᠳᠠᠷᠢᠵᠣ ᠣᠶᠢᠵᠢᠭᠤᠯᠬᠤ ᠠᠵᠢᠯᠯᠠᠭᠠᠨ ᠳᠤ ᠣᠷᠣᠯᠴᠠᠭᠤᠯᠬᠤ ᠬᠡᠷᠡᠭᠳᠡᠢ᠃ | | ᠡᠯ᠎ᠡ ᠰᠠᠯᠠᠭ᠎ᠠ ᠮᠦᠴᠢᠷ ᠤᠨ ᠬᠢᠨ ᠦᠷᠬᠡᠨ ᠣᠯᠠᠨ ᠺᠠᠳ᠋ᠷ ᠠᠵᠢᠯᠳᠠᠨ ᠢᠶᠠᠨ ᠵᠣᠬᠢᠶᠠᠨ ᠪᠠᠶᠢᠭᠤᠯᠣᠨ ᠵᠢᠷᠭᠠᠯᠠᠩᠳᠣ | ᠣᠢ᠂ ᠵᠠᠯᠠᠭᠤᠴᠣᠳ ᠤᠨ ᠣᠢ᠂ ᠡᠮᠡᠭᠳᠡᠶᠢᠴᠣᠳ ᠤᠨ ᠣᠢ᠂ ᠬᠡᠷ ᠪᠦᠯᠢ ᠶᠢᠨ ᠣᠢ ᠵᠡᠷᠬᠡ ᠶᠢ ᠳᠠᠷᠢᠵᠣ | ᠣᠶᠢᠵᠢᠭᠤᠯᠣᠨ ᠨᠣᠭᠤᠭᠠᠷᠠᠭᠤᠯᠵᠣ᠂ ᠨᠣᠭᠤᠭᠠᠷᠠᠭᠤᠯᠣᠯᠳᠠ ᠶᠢ ᠬᠠᠮᠠᠭᠠᠯᠠᠵᠣ ᠬᠡᠷ ᠣᠷᠣᠨ ᠢᠶᠠᠨ ᠨᠣᠭᠤᠭᠠᠷᠠᠭᠤᠯᠬᠤ | ᠵᠡᠷᠬᠡ ᠭᠤᠣᠯ ᠰᠠᠳᠣᠪᠳᠣ ᠠᠵᠢᠯᠯᠠᠭ᠎ᠠ ᠶᠢ ᠦᠷᠨᠢᠬᠦᠯᠵᠣ ᠭᠠᠯᠳᠣ ᠳᠡᠷᠬᠡᠨ ᠡᠮᠣᠨ᠎ᠠ ᠦᠷᠳᠡᠬᠡᠨ ᠤ ᠬᠠᠵᠠᠭᠤ ᠬᠠᠪᠢ | ᠪᠠᠷ ᠳᠡᠷᠢᠵᠣ ᠣᠶᠢᠵᠢᠭᠤᠯᠣᠨ᠎ᠠ᠃ | ︵ᠭᠤᠷᠪᠠ︶ ᠡᠯ᠎ᠡ ᠰᠣᠮᠣ ᠪᠠᠯᠭᠠᠰᠣ ᠶᠢᠨ ᠠᠷᠠᠳ ᠤᠨ ᠵᠠᠰᠠᠭ ᠤᠨ ᠣᠷᠳᠣᠨ ᠤ ᠣᠶᠢᠵᠢᠭᠤᠯᠭ᠎ᠠ ᠶᠢᠨ | ᠡᠬᠦᠷᠬᠡ᠃ | ᠨᠢᠬᠡ ᠳᠤ ᠣᠶᠢᠵᠢᠭᠤᠯᠭ᠎ᠠ ᠶᠢᠨ ᠠᠵᠢᠯ ᠢ ᠨᠠᠷᠢᠨ ᠬᠢᠨᠠᠮᠠᠭᠠᠢ ᠦᠷᠨᠢᠬᠦᠯᠣᠨ᠎ᠠ᠃ ᠰᠣᠮᠣ ᠪᠠᠯᠭᠠᠰᠣ ᠭᠤᠣᠯᠳᠠᠭᠤ | ᠰᠢᠨ᠎ᠡ ᠪᠠᠷ ᠵᠠᠰᠠᠭᠰᠠᠨ ᠵᠠᠰᠠᠮᠠᠯ ᠵᠠᠮ ︵ᠴᠡᠷᠳᠠᠮᠠᠯ ᠵᠠᠮ ᠪᠠ ᠱᠦᠢᠨᠢ ᠵᠠᠮ︶ ᠤᠨ ᠬᠤᠶᠠᠷ ᠳᠠᠯ᠎ᠠ ᠪᠠᠷ ᠪᠣᠷᠭᠠᠰᠣ | ᠳᠠᠷᠢᠨ᠎ᠠ᠃ | ᠬᠤᠶᠡᠷ ᠲᠤ ᠴᠢᠩᠭ᠎ᠠ ᠱᠠᠭᠠᠷᠳᠠᠨ ᠣᠷᠭᠤᠮᠠᠯ ᠤᠨ ᠪᠦᠷᠬᠦᠴᠡ ᠶᠢ ᠰᠡᠷᠬᠦᠬᠡᠯᠬᠡᠨᠠ᠃ ᠪᠠᠯᠭᠠᠰᠣᠨ ᠳᠣᠭᠤᠷᠢᠭ | ᠲᠤ ᠣᠶᠢᠳᠣ ᠭᠠᠵᠠᠷ ᠢ ᠬᠠᠣᠯᠢ ᠪᠣᠰᠣ ᠪᠠᠷ ᠡᠵᠡᠯᠡᠭᠰᠡᠨ ᠬᠡᠷᠡᠭ ᠲᠤ ᠬᠤᠯᠪᠣᠭᠳᠠᠭᠰᠠᠨ ᠪᠠᠶᠢᠭᠤᠯᠭ᠎ᠠ ᠨᠢᠬᠡᠴᠢ ᠪᠠ | ᠬᠤᠪᠢ ᠬᠦᠮᠦᠨ ᠢ ᠡᠷᠡᠰ ᠱᠠᠭᠠᠷᠳᠠᠨ ᠣᠷᠭᠤᠮᠠᠯ ᠤᠨ ᠪᠦᠷᠬᠦᠴᠡ ᠶᠢ ᠰᠡᠷᠬᠦᠬᠡᠯᠬᠡᠵᠣ ᠣᠨᠴᠠᠭᠠᠶᠢᠯᠠᠨ ᠣᠢ ᠰᠢᠭᠤᠢ᠂ | ᠨᠣᠳᠤᠭ ᠪᠠᠯᠴᠢᠬᠡᠷ ᠢ ᠡᠪᠳᠡᠨ ᠰᠦᠢᠳᠬᠡᠵᠣ ᠠᠳᠠᠷ ᠬᠠᠭᠠᠯᠪᠣᠷᠢᠯᠠᠭᠰᠠᠨ ᠪᠣᠯ ᠬᠤᠯᠪᠣᠭᠳᠠᠯ ᠪᠦᠬᠦᠢ ᠰᠠᠯᠠᠭ᠎ᠠ ᠮᠦᠴᠢᠷ | ᠤᠨ ᠬᠢᠨ ᠣᠰᠣ ᠴᠠᠬᠢᠯᠭᠠᠨ ᠨᠡᠪᠳᠡᠷᠡᠬᠦᠯᠬᠦ ᠪᠠᠷ ᠵᠦᠪᠰᠢᠶᠠᠷᠡᠭᠰᠡᠨ ᠭᠠᠵᠠᠷ ᠤᠨ ᠬᠤᠯᠪᠣᠭᠳᠠᠯ ᠪᠦᠬᠦᠢ ᠪᠠᠶᠢᠭᠤᠯᠭ᠎ᠠ | ᠨᠢᠬᠡᠴᠢ ᠪᠠ ᠬᠤᠪᠢ ᠬᠦᠮᠦᠨ ᠢ ᠡᠷᠡᠰ ᠱᠠᠭᠠᠷᠳᠠᠨ ᠣᠷᠭᠤᠮᠠᠯ ᠤᠨ ᠣᠣᠯ ᠤᠨ ᠣᠷᠭᠤᠮᠠᠯ ᠤᠨ ᠲᠦᠷᠥᠯ ᠵᠣᠶᠢᠯ ᠢ ᠨᠢ | ᠰᠡᠷᠬᠦᠬᠡᠯᠬᠡᠨᠠ︔ | ᠭᠤᠷᠪᠠ ᠳᠤ ᠡᠯ᠎ᠡ ᠨᠡᠬᠡᠬᠡᠯᠳᠡ ᠶᠢᠨ ᠳᠣᠭᠤᠷᠢᠭ ᠵᠢᠴᠢ ᠬᠠᠷᠢᠶᠠᠳᠣ ᠠᠵᠣ ᠠᠬᠤᠶᠢᠯᠡᠯ ᠤᠨ ᠠᠯᠪᠠᠨ ᠵᠢᠷᠣᠮ | ᠤᠨ ᠣᠶᠢᠵᠢᠭᠤᠯᠭ᠎ᠠ ᠶᠢᠨ ᠠᠵᠢᠯ ᠤᠨ ᠪᠠᠶᠢᠷᠢᠯᠠᠭᠤᠯᠣᠯᠳᠠ᠃ ᠡᠯ᠎ᠡ ᠠᠵᠣ ᠣᠶᠢᠯᠡᠳᠪᠣᠷᠢ ᠶᠢᠨ ᠬᠦᠷᠢᠶᠠᠯᠠᠩ | ᠳᠣᠭᠤᠷᠢᠭ ᠤᠨ ᠬᠢᠨ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭ᠎ᠠ ᠶᠢ | ᠦᠪᠡᠷᠳᠡᠬᠡᠨ ᠪᠠᠶᠢᠷᠢᠯᠠᠭᠤᠯᠵᠣ ᠣᠶᠢᠵᠢᠭᠤᠯᠬᠤ ᠭᠠᠵᠠᠷ ᠢᠶᠠᠨ ᠦᠪᠡᠷᠳᠡᠬᠡᠨ ᠵᠦᠪᠳᠡᠯᠴᠡᠨ ᠪᠠᠶᠢᠷᠢᠯᠠᠭᠤᠯᠵᠣ ︽ᠭᠠᠵᠠᠷ | ᠣᠷᠣᠨ ᠳᠤᠨᠢ ᠳᠣᠬᠢᠷᠠᠬᠤ ᠮᠣᠳᠣ ᠳᠠᠷᠢᠵᠣ ᠣᠷᠭᠤᠭᠤᠯᠬᠤ ᠶᠢ ᠪᠠᠳᠣᠯᠠᠬᠤ︾ ᠵᠠᠷᠴᠢᠮ ᠢ ᠦᠨᠳᠣᠰᠣᠯᠡᠨ ᠳᠠᠷᠢᠬᠤ | ᠮᠣᠳᠣ ᠪᠠᠨ ᠦᠪᠡᠷᠳᠡᠬᠡᠨ ᠳᠣᠭᠳᠠᠭᠠᠨ᠎ᠠ᠃ | ᠲᠦᠷᠪᠡ ᠳᠤ ᠣᠢ ᠰᠢᠭᠤᠢ ᠪᠠ ᠨᠣᠳᠤᠭ ᠪᠠᠯᠴᠢᠬᠡᠷ ᠤᠨ ᠳᠣᠪᠴᠢᠶ᠎ᠠ ᠠᠴᠠ ᠣᠢ ᠮᠣᠳᠣ ᠡᠪᠡᠰᠣ ᠣᠷᠭᠤᠮᠠᠯ | ᠤᠨ ᠲᠦᠷᠥᠯ ᠵᠣᠶᠢᠯ ᠢ ᠬᠠᠷᠢᠭᠤᠴᠠᠨ ᠬᠡᠷᠡᠭᠵᠢᠬᠦᠯᠥᠨ᠎ᠠ᠃ | ᠳᠠᠪᠤ᠂ ᠮᠡᠷᠬᠡᠵᠢᠯ ᠤᠨ ᠱᠠᠭᠠᠷᠳᠠᠯᠭ᠎ᠠ | ︵ᠨᠢᠬᠡ︶ ᠮᠣᠳᠣᠨ ᠤ ᠲᠦᠷᠥᠯ ᠢ ᠰᠣᠩᠭᠤᠬᠤ᠃ ᠭᠠᠵᠠᠷ ᠣᠷᠣᠨ ᠳᠤᠨᠢ ᠳᠣᠬᠢᠷᠠᠭᠰᠠᠨ ᠮᠣᠳᠣᠨ ᠤ | ᠲᠦᠷᠥᠯ ᠢ ᠳᠠᠷᠢᠵᠣ ᠵᠠᠷᠴᠢᠮ ᠢ ᠪᠠᠷᠢᠮᠳᠠᠯᠠᠨ ᠳᠣᠬᠠᠢ ᠶᠢᠨ ᠭᠠᠵᠠᠷ ᠣᠷᠣᠨ ᠤ ᠨᠦᠬᠦᠴᠡᠯ ᠳᠤ ᠰᠠᠭᠤᠷᠢᠯᠡᠨ ᠮᠣᠳᠣᠨ | ᠤ ᠲᠦᠷᠥᠯ ᠢ ᠰᠣᠩᠭᠤᠵᠣ ᠳᠣᠷᠤᠭ ᠮᠣᠳᠣ ᠪᠠ ᠪᠣᠳᠠᠯᠢᠭ ᠮᠣᠳᠣ ᠶᠢ ᠳᠣᠬᠢᠷᠠᠮᠵᠢᠳᠠᠢ ᠰᠣᠩᠭᠤᠨ ᠣᠰᠣᠯᠠᠯᠭᠠ ᠶᠢᠨ | ᠨᠦᠬᠦᠴᠡᠯ ᠢ ᠪᠦᠷᠢᠳᠦᠬᠦᠯᠥᠭᠰᠡᠨ ᠭᠠᠵᠠᠷ ᠲᠤ ᠳᠣᠷᠤᠭ ᠮᠣᠳᠣ ᠳᠠᠷᠢᠵᠣ ᠵᠢᠱᠢᠶᠠᠯᠠᠪᠠᠯ᠄ ᠵᠡᠷᠯᠢᠭ ᠳᠣᠭᠤᠷ᠂ ᠬᠡᠬᠡᠷ᠎ᠡ | ᠶᠢᠨ ᠬᠦᠢᠯᠡᠰᠣ᠂ ᠴᠢᠪᠠᠭ᠎ᠠ᠂ ᠬᠤᠯᠣᠰᠣᠨ ᠣᠳᠠ᠂ ᠳᠣᠯᠣᠨᠣ᠂ ᠪᠣᠷᠭᠠᠰᠣ᠂ ᠪᠡᠮᠪᠡᠷᠳᠣ ᠮᠣᠳᠣ᠂ ᠳᠣᠣᠷᠠᠢ ᠵᠡᠷᠬᠡ | ᠰᠣᠶᠤᠭ᠎ᠠ ᠮᠣᠳᠣ ᠪᠣᠯᠣᠨ᠎ᠠ᠃ | ︵ᠬᠤᠶᠡᠷ︶ ᠰᠣᠶᠤᠭ᠎ᠠ ᠮᠣᠳᠣ ᠶᠢᠨ ᠬᠠᠩᠭᠠᠯᠭ᠎ᠠ᠃ ᠣᠶᠢᠵᠢᠭᠤᠯᠭ᠎ᠠ ᠳᠤ ᠬᠡᠷᠡᠭᠯᠡᠬᠦ ᠰᠣᠶᠤᠭ᠎ᠠ ᠮᠣᠳᠣ ᠶᠢ | ᠡᠯ᠎ᠡ ᠰᠣᠮᠣ ᠪᠠᠯᠭ᠋ᠰᠣ ᠪᠠ ᠬᠤᠯᠪᠣᠭᠳᠠᠯ ᠪᠦᠬᠦᠢ ᠪᠠᠶᠢᠭᠤᠯᠭ᠎ᠠ ᠨᠢᠬᠡᠴᠢ ᠶᠢᠨ ᠬᠢᠨ ᠦᠪᠡᠷᠳᠡᠬᠡᠨ ᠪᠡᠯᠡᠳᠬᠡᠨ᠎ᠠ᠃ ᠡᠯ᠎ᠡ | ᠪᠠᠶᠢᠭᠤᠯᠭ᠎ᠠ ᠨᠢᠬᠡᠴᠢ ᠶᠢᠨ ᠬᠢᠨ ᠳᠠᠷᠢᠬᠤ ᠰᠣᠶᠤᠭ᠎ᠠ ᠮᠣᠳᠣ ᠪᠠᠨ ᠣᠶᠢᠷ᠎ᠠ ᠬᠠᠪᠢ ᠶᠢᠨ ᠭᠠᠵᠠᠷ ᠠᠴᠠ ᠳᠡᠬᠡᠬᠡᠪᠣᠷᠢᠯᠡᠨ | ᠠᠪᠴᠢᠷᠠᠵᠣ ᠬᠤᠰᠢᠭᠤᠨ ᠤ ᠭᠠᠳᠠᠨ᠎ᠠ ᠠᠴᠠ ᠠᠪᠴᠢᠷᠠᠬᠤ ᠶᠢ ᠡᠷᠡᠰ ᠬᠤᠷᠢᠭᠯᠠᠵᠣ ᠦᠬᠡᠷ᠎ᠡ ᠭᠠᠵᠠᠷ ᠤᠨ ᠮᠣᠳᠣ ᠶᠢ | ᠮᠠᠯᠳᠠᠵᠣ ᠰᠢᠯᠵᠢᠬᠦᠯᠥᠨ ᠳᠠᠷᠢᠵᠣ ᠣᠶᠢᠵᠢᠭᠤᠯᠬᠤ ᠶᠢ ᠡᠷᠡᠰ ᠬᠤᠷᠢᠭᠯᠠᠬᠤ ᠬᠡᠷᠡᠭᠳᠡᠢ᠃ ᠰᠣᠶᠤᠭ᠎ᠠ ᠮᠣᠳᠣᠨ | ᠡᠪᠡᠳᠴᠢᠨ ᠤ ᠪᠠᠶᠢᠴᠠᠭᠠᠯᠳᠠ ᠶᠢᠨ ᠠᠵᠢᠯ ᠢ ᠴᠢᠩᠭᠠᠳᠬᠠᠵᠣ ᠡᠪᠡᠳᠴᠢᠨ ᠲᠠᠢ ᠣᠷᠣᠨ ᠠᠴᠠ ᠳᠡᠬᠡᠬᠡᠪᠣᠷᠢᠯᠡᠨ | ᠠᠪᠴᠢᠷᠠᠵᠣ ᠪᠣᠯᠬᠤ ᠦᠬᠡᠢ᠃ | ︵ᠭᠤᠷᠪᠠ︶ ᠰᠣᠶᠤᠭ᠎ᠠ ᠮᠣᠳᠣᠨ ᠤ ᠪᠠᠷᠢᠮᠵᠢᠶ᠎ᠠ᠃ ᠦᠷᠬᠡᠨ ᠨᠠᠪᠴᠢᠳᠣ ᠳᠣᠷᠤᠭ ᠮᠣᠳᠣᠨ ᠤ ᠡᠰᠢ | ᠰᠢᠳᠣᠷᠭᠤ᠂ ᠦᠨᠳᠣᠰᠣ ᠪᠦᠷᠢᠨ ᠪᠦᠳᠣᠨ ᠪᠠᠶᠢᠬᠤ ᠬᠡᠷᠡᠭᠳᠡᠢ︔ ᠰᠢᠯᠮᠣᠰᠣᠳᠣ ᠮᠣᠳᠣᠨ ᠤ ᠰᠢᠯᠮᠣᠰᠣ ᠰᠠᠬᠤᠯᠠᠭ᠂ | ᠳᠠᠪᠬᠤᠷᠭ᠎ᠠ ᠶᠢᠨ ᠵᠠᠢ ᠳᠣᠬᠢᠷᠠᠮᠵᠢᠳᠡᠢ᠂ ᠮᠣᠳᠣᠨ ᠣᠷᠦᠢ ᠪᠦᠳᠣᠨ᠂ ᠰᠢᠷᠬᠠᠳᠠᠵᠣ ᠰᠦᠢᠳᠦᠭᠰᠡᠨ ᠦᠬᠡᠢ᠂ | ᠡᠪᠡᠳᠴᠢᠯᠡᠵᠣ ᠬᠤᠷᠣᠬᠠᠶᠢᠳᠣᠭᠰᠠᠨ ᠦᠬᠡᠢ᠂ ᠦᠨᠳᠣᠰᠣ ᠳᠤᠨᠢ ᠪᠠᠭᠯᠠᠭ᠎ᠠ ᠰᠢᠷᠦᠢ ᠲᠠᠢ ᠰᠣᠶᠤᠭ᠎ᠠ ᠮᠣᠳᠣ ᠪᠠᠶᠢᠬᠤ | ᠬᠡᠷᠡᠭᠳᠡᠢ᠃ | ︵ᠲᠦᠷᠪᠠ︶ ᠳᠠᠷᠢᠵᠣ ᠣᠶᠢᠵᠢᠭᠤᠯᠬᠤ ᠱᠠᠭᠠᠷᠳᠠᠯᠭ᠎ᠠ᠃ ᠳᠣᠷᠤᠭ ᠮᠣᠳᠣ ᠶᠢᠨ ᠰᠠᠭᠤᠷᠢ ᠶᠢᠨ ᠵᠠᠢ ᠶᠢ 2× | 3 ᠮᠧᠲᠷ ᠪᠠᠶᠢᠵᠣ᠂ ᠶᠡᠭᠡ ᠰᠣᠶᠤᠭ᠎ᠠ ᠮᠣᠳᠣ ᠳᠠᠷᠢᠬᠤ ᠳᠤ ᠨᠦᠬᠡᠨ ᠳ᠋ᠢᠶᠠᠮᠧᠲᠷ ᠢ 0.6 ᠮᠧᠲᠷ — 1.0 ᠮᠧᠲᠷ᠂ | ᠬᠦᠨ ᠢ 0.6 ᠮᠧᠲᠷ — 0.8 ᠮᠧᠲᠷ ᠮᠡᠯᠳᠡᠵᠣ ᠬᠦᠷᠣᠰᠣ ᠰᠢᠷᠦᠢ ᠪᠠᠷ ᠨᠢ ᠨᠦᠬᠡ ᠪᠠᠨ ᠪᠣᠯᠠᠨ᠎ᠠ︔ ᠪᠠᠭ᠎ᠠ | ᠰᠣᠶᠤᠭ᠎ᠠ ᠮᠣᠳᠣ ᠳᠠᠷᠢᠬᠤ ᠳᠤ ᠨᠦᠬᠡᠨ ᠳ᠋ᠢᠶᠠᠮᠧᠲᠷ ᠢ 0.3 ᠮᠧᠲᠷ — 0.4 ᠮᠧᠲᠷ᠂ ᠬᠦᠨ ᠢ 0.4 ᠮᠧᠲᠷ | ᠮᠡᠯᠳᠡᠵᠣ ᠬᠦᠷᠣᠰᠣ ᠰᠢᠷᠦᠢ ᠪᠠᠷ ᠨᠢ ᠨᠦᠬᠡ ᠪᠠᠨ ᠪᠣᠯᠠᠨ᠎ᠠ︔ ᠳᠣᠷᠤᠭ ᠮᠣᠳᠣ ᠶᠢ ᠮᠣ᠋ ᠪᠣᠯᠭᠠᠨ 111 ᠰᠠᠭᠤᠷᠢ | ᠠᠴᠠ ᠳᠡᠬᠡᠭᠰᠢ ︵2× 3︶ ᠳᠠᠷᠢᠵᠣ ᠪᠣᠳᠠᠯᠢᠭ ᠮᠣᠳᠣ ᠶᠢ ᠮᠣ᠋ ᠪᠣᠯᠭᠠᠨ 111 ᠰᠠᠭᠤᠷᠢ ᠠᠴᠠ ᠳᠡᠬᠡᠭᠰᠢ ︵ | 1×6︶ ᠳᠠᠷᠢᠨ᠎ᠠ᠃ ᠪᠣᠳᠠᠯᠢᠭ ᠮᠣᠳᠣ ᠳᠠᠷᠢᠭᠰᠠᠨ ᠭᠠᠵᠠᠷ ᠢ ᠡᠷᠬᠡᠪᠰᠢ ᠡᠯᠡᠰᠣᠨ ᠬᠠᠯᠬᠠᠪᠴᠢ ᠭᠠᠷᠭᠠᠵᠣ | ᠴᠡᠴᠡᠷᠯᠢᠭ ᠤᠨ ᠦᠵᠡᠮᠵᠢ ᠶᠢᠨ ᠣᠢ ᠮᠣᠳᠣ ᠶᠢ ᠳᠠᠷᠢᠬᠤ ᠳᠤ ᠰᠠᠭᠤᠷᠢ ᠶᠢᠨ ᠵᠠᠢ ᠶᠢ ᠪᠣᠳᠠᠳᠣ ᠪᠠᠶᠢᠳᠠᠯ ᠢ | ᠦᠨᠳᠣᠰᠣᠯᠡᠨ ᠳᠣᠬᠢᠷᠠᠭᠤᠯᠣᠨ᠎ᠠ᠃ | ᠵᠢᠷᠭᠤᠭ᠎ᠠ᠂ ᠪᠠᠳᠣᠯᠠᠭ᠎ᠠ ᠶᠢᠨ ᠠᠷᠭ᠎ᠠ ᠪᠠᠷᠢᠯ | ︵ᠨᠢᠬᠡ︶ ᠣᠳᠣᠷᠢᠳᠣᠯᠭ᠎ᠠ ᠶᠢ ᠴᠢᠩᠭᠠᠳᠬᠠᠨ ᠬᠠᠷᠢᠭᠤᠴᠠᠯᠭ᠎ᠠ ᠶᠢ ᠳᠣᠳᠣᠳᠬᠠᠨᠠ᠃ ᠡᠯ᠎ᠡ ᠪᠠᠶᠢᠭᠤᠯᠭ᠎ᠠ | ᠨᠢᠬᠡᠴᠢ ᠶᠢᠨ ᠭᠤᠣᠯ ᠬᠠᠷᠢᠭᠤᠴᠠᠯᠭᠠᠳᠠᠨ ᠲᠦᠷᠦᠬᠦᠯᠡᠨ ᠳᠠᠭᠤᠷᠢᠶᠠᠯ ᠪᠣᠯᠵᠣ ᠳᠣᠰ ᠪᠠᠶᠢᠭᠤᠯᠭ᠎ᠠ ᠨᠢᠬᠡᠴᠢ ᠶᠢᠨ ᠢᠶᠠᠨ | ᠺᠠᠳ᠋ᠷ ᠠᠵᠢᠯᠳᠠᠳ ᠢᠶᠠᠨ ᠵᠣᠬᠢᠶᠠᠨ ᠪᠠᠶᠢᠭᠤᠯᠣᠨ ᠢᠳᠡᠪᠬᠢᠳᠡᠢ ᠣᠷᠣᠯᠴᠠᠵᠣ ᠨᠣᠭᠤᠭᠠᠷᠠᠭᠤᠯᠣᠯᠳᠠ ᠶᠢᠨ ᠠᠵᠢᠯ ᠤᠨ | ᠡᠬᠦᠷᠬᠡ ᠶᠢ ᠬᠢᠨᠠᠮᠠᠭᠠᠢ ᠬᠦᠢᠴᠡᠳᠬᠡᠵᠣ ᠬᠠᠷᠢᠭᠤᠴᠠᠯᠭ᠎ᠠ ᠪᠠᠨ ᠳᠣᠳᠣᠳᠬᠠᠨ ᠡᠬᠦᠷᠬᠡ ᠬᠠᠷᠢᠭᠤᠴᠠᠯᠭ᠎ᠠ ᠶᠢ ᠬᠦᠢᠴᠡᠳ | ᠨᠠᠶᠢᠳᠠᠪᠣᠷᠢᠵᠢᠭᠤᠯᠣᠨ᠎ᠠ᠃ ᠬᠠᠷᠢᠭᠤᠴᠠᠯᠭ᠎ᠠ ᠶᠢᠨ ᠲᠦᠷᠢᠮ ᠢ ᠪᠠᠶᠢᠭᠤᠯᠣᠨ ᠳᠡᠬᠦᠯᠳᠡᠷᠵᠢᠬᠦᠯᠵᠣ ᠡᠯ᠎ᠡ ᠪᠠᠶᠢᠭᠤᠯᠭ᠎ᠠ | ᠨᠢᠬᠡᠴᠢ ᠪᠠ ᠰᠣᠮᠣ ᠪᠠᠯᠭᠠᠰᠣᠨ ᠤ ᠭᠤᠣᠯ ᠬᠠᠷᠢᠭᠤᠴᠠᠯᠭᠠᠳᠠᠨ ᠢ ᠨᠢᠬᠡᠳᠣᠬᠡᠷ ᠬᠠᠷᠢᠭᠤᠴᠠᠯᠭᠠᠳᠣ ᠬᠦᠮᠦᠨ ᠪᠣᠯᠭᠠᠵᠣ | ᠬᠤᠯᠪᠣᠭᠳᠠᠯ ᠪᠦᠬᠦᠢ ᠰᠠᠯᠠᠭ᠎ᠠ ᠮᠦᠴᠢᠷ ᠤᠨ ᠬᠢᠨ ᠳᠣᠰ ᠳᠣᠰ ᠤᠨ ᠢᠶᠠᠨ ᠬᠠᠷᠢᠭᠤᠴᠠᠯᠭ᠎ᠠ ᠶᠢ ᠡᠬᠦᠷᠬᠡᠯᠡᠨ | ᠬᠠᠷᠢᠯᠴᠠᠨ ᠬᠠᠮᠵᠢᠯᠴᠠᠨ ᠮᠡᠷᠬᠡᠵᠢᠯ ᠤᠨ ᠱᠠᠭᠠᠷᠳᠠᠯᠭ᠎ᠠ ᠪᠠᠷ ᠣᠶᠢᠵᠢᠭᠤᠯᠣᠯᠳᠠ ᠬᠢᠵᠣ ᠴᠢᠨᠡᠷ ᠬᠡᠮᠵᠢᠶ᠎ᠠ ᠶᠢ ᠪᠠᠳᠣᠯᠠᠨ | ᠡᠬᠦᠷᠬᠡ ᠪᠠᠨ ᠪᠠᠶᠠᠯᠡᠬᠦᠯᠬᠦ ᠬᠡᠷᠡᠭᠳᠡᠢ᠃ ᠮᠡᠷᠬᠡᠵᠢᠯ ᠤᠨ ᠠᠵᠢᠯᠳᠠᠳ ᠮᠡᠷᠬᠡᠵᠢᠯ ᠤᠨ ᠳᠠᠭᠠᠭᠠᠴᠢᠯᠠᠯᠳᠠ ᠶᠢᠨ ᠲᠦᠷᠢᠮ ᠢ | ᠬᠡᠷᠡᠭᠵᠢᠬᠦᠯᠵᠣ ᠭᠠᠵᠠᠷ ᠰᠣᠩᠭᠤᠵᠣ ᠳᠣᠬᠢᠷᠠᠭᠤᠯᠬᠤ᠂ ᠰᠣᠶᠤᠭ᠎ᠠ ᠮᠣᠳᠣ ᠳᠠᠷᠢᠵᠣ ᠣᠰᠣᠯᠠᠬᠤ ᠠᠷᠠᠴᠢᠯᠡᠨ | ᠬᠠᠮᠠᠭᠠᠯᠠᠬᠤ ᠵᠡᠷᠬᠡ ᠶᠢ ᠪᠦᠬᠦ ᠳᠠᠯ᠎ᠠ ᠪᠠᠷ ᠬᠠᠷᠢᠭᠤᠴᠠᠨ᠎ᠠ᠃ | ︵ᠬᠤᠶᠡᠷ︶ ᠬᠠᠮᠢᠶᠠᠷᠣᠯᠳᠠ ᠶᠢ ᠴᠢᠩᠭᠠᠳᠬᠠᠨ ᠶᠠᠰᠣ ᠴᠢᠨᠡᠷ ᠢ ᠪᠠᠳᠣᠯᠠᠨ᠎ᠠ᠃ ᠡᠯ᠎ᠡ ᠪᠠᠶᠢᠭᠤᠯᠭ᠎ᠠ ᠨᠢᠬᠡᠴᠢ | ᠶᠢᠨ ᠳᠣᠰ ᠠᠵᠢᠯ ᠢ ᠴᠢᠩᠭ᠎ᠠ ᠵᠣᠬᠢᠶᠠᠨ ᠪᠠᠶᠢᠭᠤᠯᠣᠨ ᠬᠡᠷᠡᠭᠵᠢᠬᠦᠯᠵᠣ ᠶᠠᠰᠣ ᠴᠢᠨᠡᠷ ᠢ ᠳᠡᠷᠢᠬᠦᠨ ᠳᠤ ᠳᠠᠯᠪᠢᠨ | ᠳᠠᠷᠢᠭᠰᠠᠨ ᠮᠣᠳᠣ ᠪᠠᠨ ᠪᠦᠬᠦᠨ ᠢ ᠣᠷᠭᠤᠭᠤᠯᠣᠨᠠ᠃ ᠨᠣᠭᠤᠭᠠᠷᠠᠭᠤᠯᠣᠯᠳᠠ ᠶᠢᠨ ᠬᠤᠭᠤᠴᠠᠭᠠᠨ ᠳᠤ ᠳᠣᠰᠬᠠᠢ | ᠮᠡᠷᠬᠡᠵᠢᠯᠳᠡᠨ ᠳᠣᠬᠠᠢ ᠶᠢᠨ ᠭᠠᠵᠠᠷ ᠲᠤ ᠮᠡᠷᠬᠡᠵᠢᠯ ᠤᠨ ᠵᠢᠯᠣᠭᠤᠳᠣᠯᠭ᠎ᠠ ᠬᠢᠨ᠎ᠠ᠃ ᠬᠤᠰᠢᠭᠤ ᠰᠣᠶᠤᠭ᠎ᠠ ᠮᠣᠳᠣ᠂ | ᠣᠢ ᠰᠢᠭᠤᠢ ᠶᠢᠨ ᠬᠠᠮᠠᠭᠠᠯᠠᠯᠳᠠ᠂ ᠣᠢ ᠰᠢᠭᠤᠢ ᠶᠢᠨ ᠳᠣᠳᠣᠭᠠᠳᠣ ᠶᠢᠨ ᠬᠠᠮᠠᠭᠠᠯᠠᠯᠳᠠ ᠵᠡᠷᠬᠡ ᠰᠣᠶᠤᠭ᠎ᠠ ᠮᠣᠳᠣᠨ | ᠶᠠᠰᠣ ᠴᠢᠨᠡᠷ᠂ ᠢᠷᠡᠯᠳᠡ᠂ ᠪᠠᠶᠢᠴᠭᠠᠠᠯᠳᠠ᠂ ᠳᠡᠬᠡᠬᠡᠪᠣᠷᠢᠯᠡᠯᠳᠡ ᠵᠡᠷᠬᠡ ᠳᠤ ᠬᠠᠮᠳᠣᠷᠠᠨ ᠪᠠᠶᠢᠴᠠᠭᠠᠯᠳᠠ ᠬᠢᠵᠣ | ᠰᠣᠶᠤᠭ᠎ᠠ ᠮᠣᠳᠣᠨ ᠤ ᠶᠠᠰᠣ ᠴᠢᠨᠡᠷ ᠢ ᠪᠠᠳᠣᠯᠠᠨ᠎ᠠ᠃ | ︵ᠭᠤᠷᠪᠠ︶ ᠣᠬᠠᠭᠤᠯᠭ᠎ᠠ ᠶᠢ ᠴᠢᠩᠭᠠᠳᠬᠠᠨ ᠨᠦᠯᠥᠬᠡᠯᠡᠯ ᠢ ᠶᠡᠬᠡᠰᠬᠡᠨᠠ᠃ ᠬᠤᠰᠢᠭᠤ ᠷᠠᠳᠢᠤ᠋ ᠲᠧᠯᠸᠢᠰ ᠤᠨ | ᠲᠦᠪ᠂ ᠢᠨᠲ᠋ᠧᠷ ᠰᠦᠯᠵᠢᠶᠠᠨ ᠤ ᠴᠢᠮᠡᠭᠡ ᠵᠠᠩᠬᠢ ᠶᠢᠨ ᠠᠵᠢᠯ ᠤᠨ ᠠᠯᠪᠠᠨ ᠬᠡᠷ᠂ ᠨᠣᠮᠢᠨ ᠳᠠᠩᠰᠤᠭ ᠦᠣᠰᠢᠨ | ᠰᠣᠨᠢᠨ ᠵᠡᠷᠬᠡ ᠰᠣᠨᠢᠨ ᠮᠡᠳᠡᠭᠡ ᠵᠠᠭᠤᠴᠢᠯᠠᠭᠤᠷ ᠤᠨ ᠬᠢᠨ ᠣᠬᠠᠭᠤᠯᠭ᠎ᠠ ᠮᠡᠳᠡᠬᠡᠯᠡᠯ ᠢ ᠦᠷᠨᠢᠬᠦᠯᠵᠣ ᠣᠬᠠᠭᠤᠯᠭ᠎ᠠ | ᠶᠢᠨ ᠬᠠᠮᠳᠣᠷᠠᠯ ᠬᠦᠴᠦᠨ ᠢ ᠪᠦᠷᠢᠯᠳᠦᠬᠦᠯᠥᠨ ᠡᠯ᠎ᠡ ᠵᠠᠭᠤᠴᠢᠯᠠᠭᠤᠷ ᠢ ᠠᠰᠢᠭᠯᠠᠨ ᠪᠠᠷᠢᠮᠳᠠ ᠮᠠᠲ᠋ᠧᠷᠢᠶᠠᠯ ᠢ ᠬᠦᠢᠴᠡᠳ | ᠠᠭᠤᠳᠠᠯᠯᠠᠨ ᠰᠢᠨ᠎ᠡ ᠨᠠᠶᠢᠳᠡᠯᠢᠭ ᠵᠢᠱᠢᠶ᠎ᠠ ᠶᠢ ᠪᠣᠢ ᠪᠣᠯᠭᠠᠵᠣ ᠣᠶᠢᠵᠢᠭᠤᠯᠭ᠎ᠠ ᠨᠣᠭᠤᠭᠠᠷᠠᠭᠤᠯᠣᠯᠳᠠ ᠶᠢᠨ ᠰᠠᠶᠢᠨ | ᠰᠠᠶᠢᠬᠠᠨ ᠠᠭᠤᠷ ᠠᠮᠢᠰᠬᠤᠯ ᠢ ᠪᠣᠢ ᠪᠣᠯᠭᠠᠵᠣ ᠣᠬᠤᠷ ᠮᠡᠳᠡᠭᠡ᠂ ᠸᠢᠴᠠᠲ᠂ ᠡᠯᠬᠦᠮᠡᠯ ᠪᠢᠴᠢᠬᠡᠰᠣ ᠵᠡᠷᠬᠡ ᠠᠷᠭ᠎ᠠ | ᠪᠠᠷᠢᠯ ᠢᠶᠠᠷ ᠰᠠᠶᠢᠳᠣᠷ ᠣᠬᠠᠭᠤᠯᠣᠨ᠎ᠠ᠃ | ︵ᠲᠦᠷᠪᠠ︶ ᠴᠢᠩᠭ᠎ᠠ ᠱᠠᠭᠠᠷᠳᠠᠨ ᠪᠠᠶᠢᠴᠠᠭᠠᠵᠣ ᠪᠣᠳᠠᠳᠣ ᠪᠦᠳᠣᠮᠵᠢ ᠶᠢ ᠪᠠᠳᠣᠯᠠᠨ᠎ᠠ᠃ | ᠨᠣᠭᠤᠭᠠᠷᠠᠭᠤᠯᠣᠯᠳᠠ ᠣᠶᠢᠵᠢᠭᠤᠯᠣᠯᠳᠠ ᠶᠢᠨ ᠠᠵᠢᠯᠯᠠᠭ᠎ᠠ ᠣᠷᠣᠭᠰᠢᠳᠡᠢ ᠶᠠᠪᠣᠭᠳᠠᠵᠣ ᠪᠣᠳᠠᠳᠣ ᠪᠦᠳᠣᠮᠵᠢ ᠣᠯᠬᠤ | ᠶᠢ ᠪᠠᠳᠣᠯᠠᠬᠤ ᠶᠢᠨ ᠳᠣᠰᠠᠳᠠ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠬᠢᠨᠠᠨ ᠪᠠᠶᠢᠴᠠᠭᠠᠯᠳᠠ᠂ | ᠱᠠᠭᠠᠷᠳᠠᠨ ᠪᠠᠶᠢᠴᠠᠭᠠᠯᠳᠠ᠂ ᠣᠢ ᠰᠢᠭᠤᠢ ᠪᠠ ᠨᠣᠳᠤᠭ ᠪᠠᠯᠴᠢᠬᠡᠷ᠂ ᠪᠦᠳᠦᠬᠡᠨ ᠪᠠᠶᠢᠭᠤᠯᠣᠯᠳᠠ ᠪᠠ | ᠴᠡᠴᠡᠷᠯᠢᠭᠵᠢᠬᠦᠯᠥᠯᠳᠡ ᠶᠢᠨ ᠰᠠᠯᠠᠭ᠎ᠠ ᠮᠦᠴᠢᠷ ᠢ ᠵᠣᠬᠢᠶᠠᠨ ᠪᠠᠶᠢᠭᠤᠯᠣᠨ ᠣᠶᠢᠵᠢᠭᠤᠯᠣᠯᠳᠠ ᠨᠣᠭᠤᠭᠠᠷᠠᠭᠤᠯᠣᠯᠳᠠ | ᠶᠢᠨ ᠠᠵᠢᠯ ᠤᠨ ᠪᠠᠶᠢᠳᠠᠯ ᠢ ᠳᠣᠭᠳᠠᠮᠠᠯ ᠪᠣᠰᠣ ᠬᠤᠭᠤᠴᠠᠭ᠎ᠠ ᠲᠠᠢ ᠪᠠᠷ ᠱᠠᠭᠠᠷᠳᠠᠨ ᠪᠠᠶᠢᠴᠠᠭᠠᠵᠣ ᠠᠵᠢᠯ ᠢᠶᠠᠨ | ᠰᠠᠶᠢᠨ ᠦᠷᠨᠢᠬᠦᠯᠦᠭᠰᠡᠨ ᠦᠬᠡᠢ ᠪᠠᠶᠢᠭᠤᠯᠭ᠎ᠠ ᠨᠢᠬᠡᠴᠢ ᠶᠢ ᠣᠯᠠᠨ ᠳᠤ ᠨᠠᠶᠢᠳᠠᠯᠠᠨ ᠰᠢᠬᠦᠮᠵᠢᠯᠡᠬᠦ ᠶᠢᠨ ᠬᠠᠮᠳᠣ ᠠᠵᠢᠯ | ᠤᠨ ᠠᠬᠢᠴᠠ ᠬᠦᠨᠳᠣ ᠨᠣᠴᠢᠳᠠᠢ ᠬᠤᠴᠣᠷᠣᠭᠰᠠᠨ ᠪᠠᠶᠢᠭᠤᠯᠭ᠎ᠠ ᠨᠢᠬᠡᠴᠢ ᠶᠢᠨ ᠬᠤᠯᠪᠣᠭᠳᠠᠯ ᠪᠦᠬᠦᠢ ᠣᠳᠣᠷᠢᠳᠣᠯᠭ᠎ᠠ | ᠶᠢᠨ ᠬᠠᠷᠢᠭᠤᠴᠠᠯᠭ᠎ᠠ ᠶᠢ ᠨᠡᠬᠡᠮᠵᠢᠯᠠᠨ᠎ᠠ᠃ | | | | | | | | | | | | |