ᠮᠠᠯᠴᠢᠨ ᠴᠢᠩ ᠰᠦᠡᠭ ᠬᠠᠴᠢᠨ ᠴᠢᠯᠠᠭᠤᠨ ᠤ ᠴᠣᠭᠯᠠᠭᠤᠯᠭ᠎ᠠ ᠪᠠᠷ ᠣᠶᠢᠯᠡᠰ ᠢᠶᠠᠨ ᠳᠦᠷᠣᠬᠡᠯᠡᠯ᠎ᠡ
ᠨᠡᠶᠢᠲᠡᠯᠡᠭᠰᠡᠨ ᠴᠠᠭ᠄
2019-05-21
     ᠦᠣᠰᠢᠨᠵᠣᠣ ᠪᠠᠯᠭᠠᠰᠤ ᠪᠠᠷ ᠨᠣᠳᠣᠭᠳᠠᠢ ᠮᠠᠯᠴᠢᠨ ᠴᠢᠩ ᠰᠦᠡᠭ ᠪᠠᠶᠢᠭᠠᠯᠢ ᠶᠡᠷᠳᠢᠨᠴᠣ ᠶᠢᠨ ᠭᠠᠶᠢᠬᠠᠮᠰᠢᠭᠲᠤ ᠤᠷᠠᠯᠢᠭ ᠪᠦᠳᠣᠭᠡᠯ ᠪᠣᠯᠣᠭᠰᠠᠨ ᠬᠠᠴᠢᠨ ᠴᠢᠯᠠᠭᠤ ᠴᠣᠭᠯᠠᠭᠤᠯᠣᠨ ᠬᠠᠳᠠᠭᠠᠯᠠᠵᠣ ᠪᠣᠷᠣᠯᠠᠭᠤᠯᠬᠤ ᠪᠠᠷ ᠠᠵᠣ ᠠᠮᠢᠳᠣᠷᠠᠯ ᠤᠨ ᠳᠣᠷ᠎ᠠ ᠰᠣᠨᠢᠷᠬᠠᠯ᠂ ᠠᠵᠣ ᠠᠬᠤᠢ ᠶᠢᠨ ᠠᠰᠢᠭ ᠣᠷᠣᠯᠭ᠎ᠠ ᠢᠶᠠᠨ ᠪᠣᠯᠭᠠᠵᠣ ᠠᠳᠠᠯ ᠣᠶᠢᠯᠡᠰ ᠤᠨ ᠳᠡᠷᠳᠡᠩ ᠵᠠᠮ ᠢᠶᠠᠷ ᠬᠢᠯᠡᠷᠡᠭᠤᠯᠵᠣ ᠶᠠᠪᠣᠨ᠎ᠠ᠃      ᠪᠢᠷᠴᠢᠨ ᠦᠤᠰᠢᠨ ᠬᠤᠰᠢᠭᠤᠨ ᠤ ᠰᠤᠶᠤᠯ ᠤᠨ ᠪᠦᠲᠦᠭᠡᠯᠲᠡ ᠠᠵᠤ ᠦᠢᠯᠡᠰ ᠤᠨ ᠬᠦᠷᠢᠶᠡᠯᠡᠩ ᠳᠤ ᠪᠠᠶᠢᠭ᠎ᠠ ᠮᠠᠯᠴᠢᠨ ᠴᠢᠩ ᠰᠦᠡᠭ ᠤᠨ ᠡᠷᠬᠢᠯᠡᠭᠰᠡᠨ ︽ᠡᠯᠡᠰᠤᠨ ᠭᠤᠪᠢ ᠶᠢᠨ ᠬᠠᠴᠢᠨ ᠴᠢᠯᠠᠭᠤ᠂ ᠦᠨᠳᠦᠰᠦᠲᠡᠨ ᠤ ᠡᠳ᠋ᠯᠡᠯ ᠬᠡᠷᠡᠭᠰᠡᠯ ᠤᠨ ᠴᠤᠭᠯᠠᠭᠤᠯᠭ᠎ᠠ︾ ᠶᠢᠨ ᠲᠡᠯᠭᠡᠭᠦᠷ ᠲᠤ ᠤᠷᠤᠬᠤ ᠲᠠᠢ ᠵᠡᠷᠭᠡ ᠡᠯᠳᠡᠪ ᠵᠦᠢᠯ ᠤᠨ ᠦᠩᠭᠡ ᠢᠯᠭᠠᠷᠠᠭᠰᠠᠨ ᠬᠠᠴᠢᠨ ᠴᠢᠯᠠᠭᠤ᠂ ᠬᠠᠭᠤᠴᠢᠨ ᠡᠳ᠋ᠯᠠᠯ ᠭᠡᠷᠡᠭᠰᠡᠯ ᠪᠢᠳᠠᠨ ᠤ ᠬᠠᠷᠠᠴᠠ ᠶᠢ ᠪᠣᠯᠢᠶᠠᠵᠣ ᠪᠠᠶᠢᠯ᠎ᠠ᠃ ᠴᠢᠩ ᠰᠦᠡᠭ ᠣᠶᠢᠷ᠎ᠠ ᠶᠢᠨ ᠬᠤᠶᠠᠷ ᠵᠢᠯ ᠳᠣᠷ᠎ᠠ ᠰᠣᠨᠢᠷᠬᠠᠯ ᠳᠤ ᠪᠠᠨ ᠬᠦᠳᠣᠯᠣᠭ᠍ᠳᠠᠨ ᠠᠷᠪᠡᠨ ᠬᠤᠶᠠᠷ ᠵᠢᠯ ᠤᠨ ᠠᠮᠢᠳᠡᠨ ᠤ ᠬᠡᠯᠪᠡᠷᠢ ᠳᠦᠷᠰᠣ ᠲᠠᠢ ᠰᠢᠷᠢᠰ ᠬᠠᠴᠢᠨ ᠴᠢᠯᠠᠭᠤ ᠶᠢ ᠴᠣᠭᠯᠠᠭᠤᠯᠵᠣ ᠪᠠᠶᠢᠯ᠎ᠠ᠃      ᠴᠢᠩ ᠰᠦᠩ ᠬᠠᠮᠤᠭ ᠠᠩᠬ᠎ᠠ ᠬᠠᠭᠤᠴᠢᠨ ᠡᠳ᠋ᠯᠠᠯ ᠭᠡᠷᠡᠭᠰᠡᠯ ᠴᠤᠭᠯᠠᠭᠤᠯᠵᠤ ᠪᠠᠶᠢᠭᠰᠠᠨ ᠠᠴᠠ2004 ᠤᠨ ᠠᠴᠠ ᠡᠬᠢᠯᠡᠵᠤ ᠬᠠᠴᠢᠨ ᠴᠢᠯᠠᠭᠤ ᠴᠤᠭᠯᠠᠭᠤᠯᠬᠤ ᠲᠤᠷ᠎ᠠ ᠰᠤᠨᠢᠷᠬᠠᠯ ᠲᠠᠢ ᠪᠤᠯᠵᠤ᠂ 2011 ᠣᠨ ᠳᠤ ᠦᠤᠰᠢᠨ ᠬᠤᠰᠢᠭᠤᠨ ᠳᠤ ᠦᠪᠡᠷ ᠤᠨ ᠭᠡᠰᠡᠨ ᠲᠡᠯᠭᠡᠭᠦᠷ ᠲᠠᠢ ᠪᠤᠯᠵᠤ ᠤᠳᠣᠬᠠᠨ ᠳᠤ ᠲᠡᠯᠭᠡᠭᠦᠷ ᠲᠤ  ᠬᠠᠭᠤᠴᠢᠨ ᠡᠳ᠋ᠯᠠᠯ ᠭᠡᠷᠡᠭᠰᠡᠯ 800 ᠭᠠᠷᠤᠢ᠂ ᠬᠠᠴᠢᠨ ᠴᠢᠯᠠᠭᠤ 2000 ᠭᠠᠷᠤᠢ ᠪᠠᠶᠢᠵᠤ ᠦᠨᠳᠤᠰᠤᠳᠡᠨ ᠤ ᠦᠪ ᠰᠤᠶᠤᠯ  ᠢᠶᠠᠨ ᠬᠠᠮᠠᠭᠠᠯᠠᠬᠤ ᠶᠢᠨ ᠡᠭᠦᠳᠡᠨ ᠠᠴᠠ ᠬᠠᠭᠤᠴᠢᠨ ᠡᠳ᠋ᠯᠠᠯ ᠭᠡᠷᠡᠭᠰᠡᠯ ᠢᠶᠠᠨ ᠭᠤᠤᠯᠳᠠᠭᠤ  ᠬᠤᠷᠢᠶᠠᠨ ᠬᠠᠳᠠᠭᠠᠯᠠᠬᠤ ᠭᠡᠯᠪᠡᠷᠢ ᠪᠠᠷ ᠲᠤᠭᠤᠷᠢᠨ ᠦᠵᠡᠭᠴᠢᠳ ᠲᠤ ᠰᠤᠨᠢᠷᠬᠠᠭᠤᠯᠵᠤ ᠡᠯᠡᠰᠤᠨ ᠭᠤᠪᠢ ᠠᠴᠠ ᠳᠡᠭᠦᠵᠣ ᠴᠤᠭᠯᠠᠭᠤᠯᠤᠭᠰᠠᠨ ᠬᠠᠴᠢᠨ ᠴᠢᠯᠠᠭᠤ ᠶᠢ ᠬᠠᠳᠠᠭᠠᠯᠠᠨ ᠪᠤᠷᠤᠯᠠᠭᠤᠯᠬᠤ ᠪᠠᠷ ᠠᠵᠤ ᠠᠬᠤᠢ ᠶᠢᠨ ᠤᠷᠤᠯᠭ᠎ᠠ ᠪᠠᠨ ᠪᠤᠯᠭᠠᠵᠤ ᠪᠠᠶᠢᠨ᠎ᠠ᠃      ᠴᠢᠩ ᠰᠦᠡᠭ ᠬᠤᠰᠢᠭᠤ ᠲᠤᠭᠤᠷᠢᠭ ᠤᠨ ᠰᠠᠭᠤᠭᠠᠯᠢ ᠠᠷᠠᠳ ᠬᠦᠮᠦᠨ ᠠᠮᠠ ᠶᠢᠨ  ᠬᠠᠷᠢᠴᠠᠩᠭᠤᠢ ᠴᠦᠭᠡᠨ ᠪᠣᠯᠣᠨ ᠬᠦᠮᠦᠰ ᠤᠨ ᠬᠠᠴᠢᠨ ᠴᠢᠯᠠᠭᠤᠨ ᠤ ᠲᠤᠬᠠᠢ ᠲᠠᠨᠢᠯᠲᠠ ᠲᠤᠳᠠᠮᠠᠭ ᠵᠡᠷᠭᠡ ᠠᠴᠠ ᠰᠢᠯᠳᠠᠭᠠᠯᠠᠵᠣ ᠬᠠᠴᠢᠨ ᠴᠢᠯᠠᠭᠤᠨ ᠤ ᠵᠠᠬ᠎ᠠ ᠳᠡᠯᠭᠡᠭᠦᠷ ᠢᠪᠴᠣᠣ ᠪᠠᠶᠢᠭ᠎ᠠ ᠪᠠᠶᠢᠳᠡᠯ ᠳᠤ ᠴᠢᠭᠯᠡᠬᠦᠯᠣᠨ ᠳᠠᠷᠠᠭᠠᠴᠢ ᠶᠢᠨ ᠠᠯᠬᠤᠮ ᠵᠠᠬ᠎ᠠ ᠳᠡᠯᠭᠡᠬᠦᠷ ᠢᠶᠠᠨ ᠦᠷᠬᠡᠳᠬᠡᠬᠦ ᠪᠠᠷ ᠳᠦᠯᠣᠪᠯᠠᠵᠣ ᠪᠠᠶᠢᠯ᠎ᠠ᠃ ᠲᠡᠷᠡ᠄ ︽ᠪᠢ ᠤᠳᠣ ᠰᠢᠯᠢ ᠭᠤᠤᠯ ᠤᠨ ᠰᠢᠯᠥᠭᠤᠨ ᠬᠥᠬᠡ ᠳᠤ ᠨᠢᠭᠡ ᠲᠡᠯᠭᠡᠭᠦᠷ ᠨᠡᠭᠡᠭᠡᠭᠦ ᠪᠠᠷ ᠪᠤᠳᠣᠵᠣ ᠪᠠᠶᠢᠨ᠎ᠠ᠃ ᠲᠡᠨᠳᠡ ᠪᠡᠭᠡᠵᠢᠩ ᠠᠴᠠ ᠤᠶᠢᠷᠠᠬᠠᠨ᠂ ᠵᠢᠭᠤᠯᠴᠢᠯᠠᠯ ᠤᠨ ᠤᠶᠢᠯᠡᠰ ᠶᠡᠭᠡ ᠪᠠᠷ ᠬᠦᠭᠵᠢᠵᠤ ᠪᠤᠷᠤᠯᠠᠭᠤᠯᠭ᠎ᠠ ᠳᠤ ᠶᠡᠭᠡ ᠲᠤᠰᠠᠲᠠᠢ᠂ ᠬᠦᠬᠡᠬᠤᠳᠠᠨ ᠳᠤ ᠪᠠᠰᠠ ᠲᠡᠯᠭᠡᠭᠦᠷ ᠨᠡᠬᠡᠭᠡᠬᠦ ᠰᠠᠨᠠᠭ᠎ᠠ ᠲᠠᠢ᠃ ᠮᠠᠨ ᠤ ᠬᠤᠰᠢᠭᠤᠨ ᠳᠤ ᠭᠤᠤᠯᠳᠠᠭᠤ ᠴᠤᠭᠯᠠᠭᠤᠯᠭ᠎ᠠ ᠶᠢᠨ ᠲᠠᠯ᠎ᠠ ᠪᠠᠷ ᠰᠠᠶᠢᠨ ᠬᠢᠶ᠎ᠠ ᠭᠡᠵᠤ ᠲᠦᠯᠦᠪᠯᠡᠵᠤ ᠪᠠᠶᠢᠨ᠎ᠠ︾ ᠭᠡᠵᠤ ᠢᠷᠡᠭᠡᠳᠦᠢ ᠶᠢᠨ ᠬᠦᠭᠵᠢᠯᠲᠡ ᠶᠢᠨ ᠲᠠᠯ᠎ᠠ ᠪᠠᠷ ᠬᠢ ᠲᠦᠯᠦᠪᠯᠡᠭᠡ ᠪᠠᠨ ᠶᠠᠷᠢᠵᠤ ᠪᠠᠶᠢᠯ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号