ᠣᠷᠳᠣᠰ ᠬᠤᠳᠠ ᠶᠢᠨ ᠦᠣᠰᠢᠨ ᠬᠤᠰᠢᠭᠤᠨ ᠤ ᠦᠣᠰᠢᠨᠵᠣᠣ ᠪᠠᠯᠭᠠᠰᠣ ᠶᠢᠨ ᠪᠠᠶᠠᠨᠳᠣᠯᠣᠭᠠᠢ ᠭᠠᠴᠠᠭᠠᠨ ᠤ | ᠮᠠᠯᠴᠢᠨ ᠰᠡᠴᠡᠨᠬᠡᠷᠡᠯ ᠨᠠᠰᠣ ᠠᠬᠢᠭᠰᠠᠨ ᠴᠤ ᠰᠣᠷᠣᠯᠴᠠᠯᠭ᠎ᠠ ᠬᠦᠳᠡᠯᠮᠦᠷᠢ ᠪᠠᠨ ᠰᠣᠯᠠᠷᠠᠭᠤᠯᠣᠯ ᠦᠬᠡᠢ ᠠᠳᠬᠤᠵᠣ | ᠨᠢᠬᠡᠨ ᠬᠢᠷᠢ ᠲᠡᠩᠴᠡᠭᠰᠡᠨ ᠨᠠᠮ ᠤᠨ ᠬᠡᠰᠢᠬᠦᠨ ᠪᠣᠯᠬᠤ ᠬᠦᠰᠡᠯ ᠵᠡᠬᠦᠳᠣ ᠪᠠᠨ ᠨᠠᠰᠣᠨ ᠲᠣᠷᠰᠢᠳᠠ ᠶᠢᠨ ᠪᠠᠷᠢᠮᠳᠠᠯᠠᠯ | ᠪᠣᠯᠭᠠᠭᠰᠠᠨ ᠪᠠᠶᠢᠨ᠎ᠠ᠃ | ᠰᠡᠴᠡᠨᠬᠡᠷᠡᠯ ᠨᠠᠰᠣᠳᠠᠨ ᠡᠨᠡ ᠵᠢᠯ 82 ᠲᠠᠢ᠂ ᠲᠡᠷᠡ 1966 ᠣᠨ ᠳᠤ ᠡᠪ ᠬᠠᠮᠳᠣ ᠨᠠᠮ ᠳᠤ ᠡᠯᠰᠡᠭᠳᠡᠵᠣ᠂ | ᠵᠠᠯᠠᠭᠤ ᠽᠨᠨᠳᠠᠨ ᠨᠠᠰᠣᠨ ᠳᠠᠭᠠᠨ ᠮᠠᠯᠵᠢᠬᠤ ᠳ᠋ᠠᠵᠠᠢ ᠦᠣᠰᠢᠨᠵᠣᠣ ᠶᠢᠨ ︽ᠲᠡᠮᠦᠷ ᠬᠡᠣᠬᠡᠨ︾ ᠪᠣᠯᠣᠨ | ᠭᠠᠪᠰᠢᠭᠠᠶᠢᠯᠠᠵᠣ ᠪᠠᠶᠢᠵᠠᠢ᠃ | | | | | | | ᠰᠣᠷᠪᠣᠯᠵᠢᠯᠠᠭᠴᠢ ᠰᠡᠴᠡᠨᠭᠡᠷᠡᠯ ᠨᠠᠰᠤᠳᠡᠨ ᠠᠴᠠ ᠡᠳᠣᠷ ᠪᠦᠷᠢ ᠶᠢᠨ ᠰᠤᠷᠤᠯᠴᠠᠯᠭ᠎ᠠ ᠶᠢᠨ ᠪᠠᠶᠢᠳᠡᠯ ᠢ | ᠠᠰᠠᠭᠤᠬᠤ ᠳᠤ ᠲᠡᠷᠡ᠄ ︽ᠡᠳᠦᠷ ᠤᠨ ᠬᠤᠶᠠᠷ ᠴᠠᠭ ᠰᠣᠷᠣᠯᠴᠠᠵᠣ ᠪᠠᠶᠢᠨ᠎ᠠ᠂ ᠦᠷᠯᠦᠬᠡ ᠳᠡᠭᠡᠨ ᠲᠦᠪ ᠤᠨ ᠰᠣᠨᠢᠨ | ᠮᠡᠳᠡᠭᠡ ᠰᠣᠨᠣᠰᠣᠨ᠎ᠠ᠂ ᠶᠠᠭᠠᠬᠢᠵᠣ ᠡᠬᠦᠷᠳᠦᠭᠰᠡᠨ ᠴᠤ ᠦᠵᠡᠨ᠎ᠡ᠂ ᠬᠢᠷᠢ ᠲᠡᠩᠴᠡᠭᠰᠡᠨ ᠨᠠᠮ ᠤᠨ ᠬᠡᠰᠢᠬᠦᠨ | ᠪᠣᠯᠬᠤ ᠪᠠᠷ ᠴᠢᠷᠮᠠᠶᠢᠵᠣ ᠪᠠᠶᠢᠨ᠎ᠠ᠃ ᠡᠶᠢᠮᠤ ᠤᠯᠠᠨ ᠵᠢᠯ ᠨᠠᠮ ᠤᠨ ᠬᠠᠶᠢᠷ᠎ᠠ ᠬᠠᠯᠠᠮᠵᠢ ᠶᠢ ᠬᠦᠷᠳᠡᠵᠣ ᠢᠷᠡᠯ ᠠ᠂ | ᠶᠠᠭᠠᠬᠢᠨᠨᠰᠠ ᠴᠤ ᠨᠠᠮ ᠤᠨ ᠰᠠᠶᠢᠨ ᠢ ᠵᠠᠯᠠᠭᠤᠴᠣᠳ ᠲᠤ ᠮᠡᠳᠡᠭᠦᠯᠵᠤ ᠰᠠᠶᠢᠨ ᠨᠦᠯᠦᠬᠡ ᠬᠦᠷᠳᠡᠬᠡᠶ᠎ᠡ ᠬᠡᠵᠣ ᠪᠣᠳᠣᠵᠣ | ᠪᠠᠶᠢᠨ᠎ᠠ᠃ ᠦᠬᠡᠷ᠎ᠡ ᠪᠢ ᠠᠷᠠᠳ ᠲᠦᠮᠡᠨ ᠳᠤ ᠶᠠᠭᠤ ᠶᠠᠭᠤ ᠬᠢᠵᠣ ᠶᠠᠭᠠᠬᠢᠵᠣ ᠦᠢᠯᠡᠴᠢᠯᠡᠶ᠎ᠡ ᠬᠡᠳᠡᠭ ᠪᠤᠯ ᠴᠦᠮ | ᠬᠤᠭᠤᠰᠣᠨ ᠦᠬᠡ ᠡ︾ ᠬᠡᠯ᠎ᠠ᠃ | 1966 ᠣᠨ ᠤ 10 ᠰᠠᠷ ᠠ ᠶᠢᠨ 1 ᠤ ᠣᠯᠣᠰ ᠤᠨ ᠪᠠᠶᠠᠷ ᠢᠶᠠᠷ ᠰᠡᠴᠡᠨᠬᠡᠷᠡᠯ᠂ ᠪᠦᠬᠦ ᠣᠯᠣᠰ ᠤᠨ | ᠴᠦᠬᠡᠨ ᠲᠣᠭᠠᠳᠣ ᠦᠨᠳᠦᠰᠦᠳᠡᠨ ᠤ ᠮᠠᠯᠴᠢᠨ ᠲᠦᠯᠦᠬᠡᠯᠡᠭᠴᠢ ᠪᠠᠷ ᠰᠣᠩᠭᠤᠭᠳᠠᠨ ᠪᠡᠬᠡᠵᠢᠩ ᠳᠤ ᠬᠦᠷᠴᠦ ᠮᠠᠣ | ᠲᠡᠷᠢᠬᠦᠯᠡᠭᠴᠢ᠂ ᠵᠸᠣ ᠶᠡᠷᠦᠩᠬᠡᠢ ᠰᠠᠶᠢᠳ ᠲᠠᠢ ᠨᠢᠭᠤᠷᠳᠠᠨ ᠵᠣᠯᠭᠠᠵᠣ ᠭᠠᠷ ᠠᠳᠬᠤᠨ᠂ ᠨᠣᠳᠤᠭ ᠣᠷᠣᠨ ᠳᠠᠭᠠᠨ | ᠬᠡᠮᠵᠢᠶᠡᠯᠡᠰᠢ ᠦᠬᠡᠢ ᠦᠩᠬᠡ ᠬᠡᠷᠡᠯ ᠨᠡᠮᠡᠷᠢᠯᠡᠵᠣ ᠦᠡᠭᠭᠡᠷᠡᠵᠠᠢ᠃ ᠡᠨᠡ ᠬᠦ ᠢᠷᠡᠭᠤ ᠠᠯᠳᠠᠷᠳᠣ ᠦᠩᠬᠡᠷᠡᠯᠳᠡ ᠪᠠᠨ | ᠰᠡᠴᠡᠨᠬᠡᠷᠡᠯ ᠨᠠᠰᠣᠳᠠᠨ ᠣᠴᠠᠷᠠᠭᠰᠠᠨ ᠪᠦᠬᠦᠨ ᠳᠤ ᠬᠡᠯᠡᠯ ᠦᠬᠡᠢ ᠦᠷᠦᠴᠡ ᠴᠡᠬᠡᠵᠢᠨ ᠳᠡᠭᠡᠨ ᠬᠠᠳᠠᠭᠠᠯᠠᠭᠰᠠᠭᠠᠷ | ᠣᠳᠣ ᠪᠣᠯᠣᠭᠰᠠᠨ ᠪᠠᠶᠢᠨ᠎ᠠ᠃ | ᠰᠡᠴᠡᠨᠬᠡᠷᠡᠯ ᠨᠠᠰᠣᠳᠠᠨ᠄ ︽ᠮᠠᠣ ᠽᠧ ᠳ᠋ᠦᠩ ᠲᠠᠢ ᠭᠠᠷ ᠠᠳᠬᠤᠵᠤ ᠦᠩᠭᠡᠷᠡᠭᠰᠡᠨ᠂ ᠰᠡᠳᠬᠢᠯ ᠲᠤᠨᠨᠳᠤᠯᠤᠨ | ᠣᠬᠢᠯᠠᠭᠠᠳ ᠶᠠᠭᠤ ᠪᠣᠯᠣᠭᠰᠠᠨ ᠢᠶᠠᠨ ᠴᠤ ᠮᠡᠳᠡᠭᠰᠡᠨ ᠦᠬᠡᠢ᠂ ᠪᠢ ᠡᠨᠡ ᠪᠦᠬᠦᠨ ᠢᠶᠠᠨ ᠭᠦᠮᠤᠨ ᠳᠤ ᠬᠡᠯᠡᠶ᠎ᠡ ᠬᠡᠵᠣ | ᠪᠣᠳᠣᠬᠤᠯᠠᠷ ᠪᠡᠶ᠎ᠡ ᠪᠠᠨ ᠪᠠᠷᠳᠠᠮᠨᠠᠭᠰᠠᠨ ᠰᠢᠬ ᠪᠣᠯᠴᠢᠬᠠᠬᠤ ᠶᠣᠮ ᠤᠤ ᠬᠡᠳ ᠬᠡᠯᠡᠳᠡᠭ ᠦᠬᠡᠢ᠂ ᠨᠠᠮ ᠤᠨ ᠠᠴᠢ᠂ | ᠣᠯᠠᠨ ᠲᠦᠮᠡᠨ ᠤ ᠠᠴᠢ ᠪᠠᠷ ᠭᠡᠵᠤ ᠪᠣᠳᠣᠵᠣ ᠶᠠᠪᠤᠳᠠᠭ︾ ᠬᠡᠯ᠎ᠠ᠃ | 2007 ᠣᠨ ᠳᠤ ᠰᠣᠷᠪᠣᠯᠵᠢᠯᠠᠭᠴᠢ ᠬᠠᠮᠤᠭ ᠠᠩᠬ᠎ᠠ ᠰᠡᠴᠡᠨᠬᠡᠷᠡᠯ ᠨᠠᠰᠣᠳᠠᠨ ᠤ ᠬᠡᠷ ᠲᠤ ᠣᠴᠢᠬᠤ ᠳᠤ | ᠡᠳᠡᠨ ᠤ ᠬᠢᠨ ᠰᠢᠨ᠎ᠡ ᠬᠡᠷ ᠲᠡᠭᠡᠨ ᠰᠠᠶ᠋ᠢᠬᠠᠨ ᠨᠡᠭᠦᠵᠤ ᠣᠷᠣᠭᠰᠠᠨ ᠪᠠᠶᠢᠵᠠᠢ᠃ ᠲᠡᠬᠦᠨ ᠤ ᠴᠠᠭᠠᠨ᠎ᠠ ᠲᠠᠪᠢᠭᠠᠳ | ᠣᠨ ᠤ ᠦᠶ᠎ᠡ ᠶᠢᠨ ᠪᠠᠨᠯᠠᠭ ᠬᠡᠷ᠂ ᠵᠢᠷᠠᠭᠠᠳ ᠣᠨ ᠤ ᠰᠢᠪᠠᠷ ᠬᠡᠷ᠂ ᠲᠠᠯᠠᠭᠠᠳ ᠣᠨ ᠤ ᠲᠣᠵᠢ ᠲᠣᠭᠤᠰᠬᠠᠨ | ᠪᠦᠳᠦᠴᠡ ᠲᠠᠢ ᠬᠡᠷ᠂ ᠨᠠᠶᠠᠭᠠᠳ ᠣᠨ ᠤ ᠬᠦᠬᠡ ᠲᠣᠭᠤᠰᠬᠠᠨ ᠬᠡᠷ᠂ ᠶᠡᠷᠡᠬᠡᠳ ᠣᠨ ᠤ ᠣᠯᠠᠭᠠᠨ ᠲᠣᠭᠤᠰᠬᠠᠨ | ᠬᠡᠷ ᠨᠢ ᠲᠡᠷᠡ ᠪᠦᠬᠦᠨ ᠢᠶᠠᠷ ᠢᠶᠠᠨ ᠪᠦᠷᠢᠨ ᠬᠠᠳᠠᠭᠠᠯᠠᠭᠳᠠᠵᠣ᠂ ᠰᠢᠨ᠎ᠡ ᠲᠣᠮᠳᠠᠳᠣ ᠣᠯᠣᠰ ᠪᠠᠶᠢᠭᠤᠯᠣᠭᠳᠠᠭᠰᠠᠨ ᠠᠴᠠ | ᠨᠠᠭᠠᠰᠢᠬᠢ ᠡᠯᠡᠰᠦᠨ ᠨᠣᠳᠤᠭ ᠤᠨ ᠮᠠᠯᠴᠢᠳ ᠤᠨ ᠠᠮᠢᠳᠣᠷᠠᠯ ᠤᠨ ᠬᠤᠪᠢᠷᠠᠯ ᠬᠦᠭᠵᠢᠯ ᠢ ᠬᠦᠢᠴᠡᠳ ᠲᠣᠰᠬᠠᠵᠣ | ᠪᠠᠶᠢᠯ᠎ᠠ᠃ ᠠᠷᠪᠡᠨ ᠬᠡᠳᠤᠨ ᠵᠢᠯ ᠦᠡᠭᠭᠡᠷᠡᠭᠡᠳ ᠲᠠᠬᠢᠨᠳᠠ ᠢᠷᠡᠭᠦ ᠳᠤ ᠰᠡᠴᠡᠨᠬᠡᠷᠡᠯ ᠨᠠᠰᠣᠳᠠᠨ ᠤ ᠬᠡᠷ ᠲᠤ ᠱᠦᠢᠨᠢ | ᠵᠠᠮ ᠨᠡᠪᠳᠡᠷᠡᠵᠣ᠂ ᠲᠠᠪᠢ᠂ ᠵᠢᠷᠠ᠂ ᠲᠠᠯᠠᠭᠠᠳ ᠣᠨ ᠤ ᠦᠶ᠎ᠡ ᠶᠢᠨ ᠬᠡᠷ ᠣᠷᠣᠨ ᠨᠢ ᠬᠠᠮᠠᠭᠠᠯᠠᠯᠳᠠ ᠳᠤ ᠣᠷᠣᠵᠣ᠂ | ᠡᠳᠡᠨ ᠤ ᠬᠢᠨ ᠮᠠᠯᠴᠢᠨ ᠠᠶᠢᠯ ᠤᠨ ᠰᠡᠯᠡᠬᠦᠴᠡᠯ ᠵᠣᠭᠠᠴᠠᠯ ᠤᠨ ᠦᠢᠯᠡᠰ ᠢ ᠡᠷᠬᠢᠯᠡᠨ ᠪᠠᠶᠠᠨ ᠲᠠᠩᠰᠤᠭ ᠠᠮᠢᠳᠣᠷᠠᠯ ᠤᠨ | ᠲᠣᠣᠯᠢᠶᠠᠨ ᠢ ᠬᠦᠳᠡᠭᠡ ᠨᠣᠳᠤᠭ ᠢᠶᠠᠷ ᠪᠢᠯᠬᠠᠷᠠᠭᠤᠯᠣᠨᠠ᠃ | ᠰᠡᠴᠡᠨᠬᠡᠷᠡᠯ ᠨᠠᠰᠣᠳᠠᠨ ᠪᠠᠰᠠ ᠪᠢᠳᠡᠨ ᠳᠤ᠄ ︽ᠲᠤᠮᠳᠠᠳᠤ ᠤᠯᠤᠰ ᠤᠨ ᠡᠪ ᠬᠠᠮᠳᠤ ᠨᠠᠮ 28 ᠵᠢᠯ ᠴᠢᠰᠣᠨ | ᠪᠠᠶᠢᠯᠳᠣᠭᠠᠨ ᠬᠢᠵᠣ ᠡᠮᠦᠨᠡᠬᠢ ᠨᠢ ᠣᠨᠠᠪᠠᠯ ᠬᠤᠶᠢᠨᠠᠬᠢ ᠨᠢ ᠵᠠᠯᠭᠠᠮᠵᠢᠯᠠᠵᠣ᠂ ᠰᠢᠨ᠎ᠡ ᠲᠣᠮᠳᠠᠳᠣ ᠣᠯᠣᠰ ᠢ | ᠪᠠᠶᠢᠭᠤᠯᠣᠭᠰᠠᠨ᠂ ᠣᠳᠣ ᠲᠠᠯᠠᠨ ᠵᠢᠯ ᠪᠣᠯᠵᠣ ᠪᠠᠶᠢᠨ᠎ᠠ᠃ ᠲᠣᠬᠠᠢ ᠶᠢᠨ ᠦᠶ᠎ᠡ ᠳᠤ ᠴᠢᠯᠦᠬᠡᠯᠡᠬᠦ ᠴᠡᠷᠢᠭ ᠮᠣᠳᠣᠨ | ᠨᠠᠪᠴᠢ ᠢᠳᠡᠵᠣ ᠪᠠᠶᠢᠭᠰᠠᠨ᠂ ᠡᠳᠡᠬᠡᠷ ᠪᠦᠬᠦᠨ ᠢ ᠵᠠᠯᠠᠭᠤᠴᠣᠳ ᠮᠡᠳᠡᠬᠦ ᠦᠬᠡᠢ ᠪᠠᠶᠢᠨ᠎ᠠ᠂ ᠪᠢ ᠡᠬᠦᠨ ᠢ ᠬᠡᠯᠡᠬᠦ ᠳᠤ | ᠲᠦᠪᠡᠭ ᠲᠠᠢ ᠰᠢᠭ ᠮᠡᠳᠡᠭᠳᠡᠵᠣ ᠪᠠᠶᠢᠨ᠎ᠠ᠂ ᠬᠡᠪᠡᠴᠦ ᠬᠡᠯᠡᠭᠦ ᠴᠢᠬᠤᠯᠡᠳᠡᠢ᠂ ᠨᠡᠩ ᠴᠤ ᠤᠯᠠᠨ ᠲᠦᠮᠡᠨ ᠳᠤ ᠮᠡᠳᠡᠭᠦᠯᠬᠦ | ᠴᠢᠬᠤᠯᠠᠳᠡᠢ᠃ ᠤᠳᠤ ᠶᠢᠨ ᠡᠨᠡ ᠰᠠᠶᠢᠬᠠᠨ ᠠᠮᠢᠳᠤᠷᠠᠯ ᠨᠢ ᠲᠡᠷᠡ ᠦᠶᠡᠰ ᠲᠤ ᠲᠡᠬᠡᠵᠣ ᠣᠯᠣᠭᠰᠠᠨ ᠵᠣᠯ ᠵᠢᠷᠭᠠᠯ | ᠰᠢᠣ᠂ ᠡᠶᠢᠮᠤ ᠠᠴᠠ ᠲᠡᠷᠡ ᠦᠶᠡᠰ ᠢᠶᠠᠨ ᠮᠠᠷᠳᠠᠵᠤ ᠪᠤᠯᠬᠤ ᠦᠬᠡᠢ᠂ ᠲᠣᠯᠭᠠᠭᠤᠷᠢ ᠵᠣᠷᠢᠯᠳᠠ ᠪᠠᠨ ᠮᠠᠷᠳᠠᠵᠣ | ᠪᠣᠯᠣᠰᠢ ᠦᠬᠡᠢ᠃ ᠢᠯᠠᠩᠭᠤᠶ᠎ᠠ ᠲᠣᠮᠳᠠᠳᠣ ᠶᠢᠨ ᠬᠦᠰᠡᠯ ᠵᠡᠭᠦᠳᠦ ᠪᠠᠨ ᠪᠡᠶᠡᠯᠡᠬᠦᠯᠬᠦ ᠣᠴᠢᠷᠳᠠᠢ᠂ ᠡᠨᠡ ᠪᠦᠬᠦᠨ ᠪᠣᠯ | ᠨᠠᠮ ᠤᠨ ᠠᠴᠢ᠂ ᠣᠯᠠᠨ ᠲᠦᠮᠡᠨ ᠤ ᠠᠴᠢ ᠶᠣᠮ︾ ᠬᠡᠵᠤ ᠲᠠᠬᠢᠨ ᠲᠠᠪᠳᠡᠨ ᠶᠠᠷᠢᠨ᠎ᠠ᠃ | | | | | | | | | | | |