ᠡᠯᠢᠬᠡ ᠵᠢᠷᠣᠬᠡᠨ ᠳᠤ ᠬᠤᠯᠪᠣᠭ᠎ᠠ ᠲᠠᠢ ᠡᠵᠢ ᠠᠪᠤ ᠪᠠᠨ ᠠᠮᠢᠳᠣ ᠪᠣᠷᠬᠠᠨ ᠬᠡᠵᠣ ᠡᠷᠳᠠᠨ ᠠᠴᠠ ᠠᠪᠣᠭᠠᠳ | ᠮᠣᠩᠭᠤᠯ ᠲᠦᠮᠡᠨ ᠮᠠᠨᠢ ᠲᠠᠭᠤᠯᠠᠵᠣ ᠰᠢᠯᠣᠭ᠍ᠯᠠᠵᠣ ᠰᠢᠳᠦᠭᠰᠡᠬᠡᠷ ᠢᠷᠡᠭᠰᠠᠨ ᠶᠣᠮ᠃ ᠠᠭᠤᠣ ᠨᠠᠮ᠂ ᠠᠷᠠᠳ ᠤᠨ | ᠵᠠᠰᠠᠬ ᠠᠴᠠ ᠴᠤ ᠠᠪᠦ ᠡᠵᠢ ᠳᠤ ᠮᠢᠨᠢ ᠪᠠᠶᠠᠷ ᠳᠤᠷᠠᠰᠬᠠᠯ ᠤᠨ ᠡᠳᠣᠷ ᠭᠠᠷᠭᠠᠵᠣ ᠲᠣᠷᠠᠰᠬᠠᠨ ᠲᠡᠮᠳᠡᠭᠯᠡᠭᠰᠠᠨ ᠨᠢ | ᠦᠨᠡᠯᠡᠬᠦᠰᠢᠳᠡᠢ᠃ | ᠵᠣᠨ ᠤ ᠡᠬᠢᠨ ᠰᠠᠷ᠎ᠠ ᠶᠢᠨ ᠵᠦᠢᠯ ᠤᠨ ᠴᠡᠴᠡᠭ ᠲᠡᠯᠬᠡᠷᠡᠨ ᠬᠠᠩᠬᠤᠯᠵᠣ᠂ ᠵᠦᠯᠬᠡᠨ ᠨᠣᠭᠤᠭ᠎ᠠ ᠬᠢᠪᠢᠰ | ᠳᠡᠯᠭᠡᠭᠰᠡᠨ ᠮᠡᠳᠣ ᠵᠢᠭᠳᠡᠷᠠᠨ ᠨᠣᠭᠤᠭᠠᠷᠠᠭᠰᠠᠨ 2019 ᠣᠨ ᠤ 5 ᠰᠠᠷ᠎ᠠ ᠶᠢᠨ 12 ᠤᠨ ᠡᠳᠣᠷ᠂ ᠲᠤᠭ | ᠪᠠᠯᠭᠠᠰᠣᠨ ᠤ ᠬᠤᠸᠠᠳᠣᠯᠣᠭᠠᠢ ᠭᠠᠴᠠᠭᠠᠨ ᠤ ᠨᠠᠮ ᠤᠨ ᠡᠬᠦᠷ᠂ ᠭᠠᠴᠠᠭ᠎ᠠ ᠵᠦᠪᠯᠠᠯ᠂ ᠡᠮᠡᠭᠳᠡᠶᠢᠴᠣᠳ ᠤᠨ ᠬᠤᠯᠪᠣᠭ᠎ᠠ | ᠂ ᠰᠣᠶᠣᠯ ᠤᠨ ᠬᠡᠷ ᠨᠢ ᠪᠦᠬᠦ ᠭᠠᠴᠠᠭᠠᠨ ᠤ ᠡᠬᠡᠴᠣᠳ ᠢ ᠵᠣᠬᠢᠶᠠᠨ ᠪᠠᠶᠢᠭᠤᠯᠣᠨ ︽ᠡᠮᠡᠭᠳᠡᠶᠢᠴᠣᠳ ᠨᠠᠮ ᠳᠠᠭᠠᠨ | ᠵᠢᠳᠬᠦᠵᠣ᠂ ᠰᠢᠨ᠎ᠠ ᠲᠣᠮᠳᠠᠳᠣ ᠣᠯᠣᠰ ᠢᠶᠠᠨ ᠮᠠᠭᠳᠠᠨ ᠲᠠᠭᠤᠯᠠᠶ᠎ᠠ︾᠂ ︽ᠡᠨᠡᠷᠢᠩᠬᠦᠢ ᠡᠵᠢ᠂ ᠡᠯᠪᠡᠷᠢᠳᠣ ᠦᠬᠢᠨ᠂ | ᠡᠶᠡᠯᠰᠡᠭ ᠬᠡᠷᠬᠡᠢ︾ ᠬᠡᠬᠦ ᠠᠭᠤᠯᠭ᠎ᠠ ᠪᠠᠷ ᠡᠬᠡᠴᠣᠣᠯ ᠤᠨ ᠪᠠᠶᠠᠷ ᠲᠤ ᠵᠣᠷᠢᠭᠤᠯᠣᠭᠰᠠᠨ ᠰᠣᠶᠣᠯ ᠣᠷᠠᠯᠢᠭ ᠤᠨ | ᠠᠵᠢᠯᠯᠠᠭᠠᠨ ᠢ ᠦᠷᠨᠢᠬᠦᠯᠪᠠ᠃ | ᠡᠨᠡ ᠣᠳᠠᠭᠠᠨ ᠤ ᠠᠵᠢᠯᠯᠠᠭᠠᠨ ᠳᠤ ᠲᠤᠭ ᠪᠠᠯᠭᠠᠰᠣᠨ ᠤ ᠡᠮᠡᠭᠳᠡᠶᠢᠴᠣᠳ ᠤᠨ ᠬᠤᠯᠪᠣᠭ᠎ᠠ ᠶᠢᠨ ᠡᠷᠬᠢᠯᠡᠭᠴᠢ | ᠣᠳᠬᠤᠨᠰᠣᠳᠣ᠂ ᠭᠠᠴᠠᠭᠠᠨ ᠤ ᠣᠳᠣᠷᠢᠳᠣᠯᠭ᠎ᠠ ᠨᠠᠷ ᠠᠴᠠ ᠪᠠᠶᠠᠷ ᠤᠨ ᠦᠬᠡ ᠶᠠᠷᠢᠵᠣ᠂ ᠭᠠᠴᠠᠭᠠᠨ ᠤ ︽ᠪᠠᠶᠠᠨ | ᠲᠠᠷᠬᠠᠨ︾ ᠣᠷᠠᠯᠢᠭ ᠤᠨ ᠲᠣᠭᠤᠶᠢᠯᠠᠩ ᠠᠴᠠ ᠲᠣᠭᠯᠠᠯᠳᠠ ᠭᠠᠷᠭᠠᠨ ᠰᠣᠨᠢᠷᠬᠠᠭᠤᠯᠣᠭᠰᠠᠨ ᠤ ᠬᠠᠮᠳᠣ ︽ᠡᠵᠢ ᠳᠡᠭᠡᠨ | ᠦᠭᠬᠦ ᠵᠠᠬᠢᠳᠠᠯ︾ ᠬᠡᠰᠠᠨ ᠰᠡᠳᠣᠪ ᠢᠶᠠᠷ ᠦᠪᠡᠷ ᠤᠨ ᠣᠷᠠᠨ ᠪᠦᠳᠣᠬᠡᠯ ᠤᠨ ᠣᠩᠰᠢᠯᠭ᠎ᠠ ᠶᠢᠨ ᠣᠷᠣᠯᠳᠣᠭᠠᠨ ᠢ | ᠶᠠᠪᠣᠭᠤᠯᠵᠣ᠂ ᠨᠠᠶᠠᠨ ᠨᠠᠰᠣ ᠶᠢ ᠵᠠᠪᠳᠣᠭᠰᠠᠨ ᠡᠵᠢ ᠬᠦᠷᠳᠠᠯ᠎ᠠ ᠣᠷᠣᠯᠴᠠᠵᠣ᠂ ᠠᠶᠠᠷᠯᠠᠨ ᠰᠠᠯᠣᠭᠰᠠᠨ ᠪᠣᠷᠬᠠᠨ | ᠡᠵᠢ ᠪᠠᠨ ᠲᠣᠷᠠᠰᠣᠨ ᠰᠠᠨᠠᠭᠠᠯᠵᠠᠵᠣ᠂ ᠬᠠᠮᠳᠣ ᠠᠮᠢᠳᠣᠷᠠᠵᠣ ᠶᠠᠪᠣᠭ᠎ᠠ ᠡᠵᠢ ᠪᠠᠨ ᠰᠠᠨᠠᠨ ᠵᠣᠷᠢᠭᠵᠢᠭᠤᠯᠣᠭᠰᠠᠨ | ᠪᠠᠶᠠᠯᠢᠭ ᠠᠭᠤᠯᠭ᠎ᠠ ᠪᠦᠬᠦᠢ ᠬᠦᠮᠣᠨ ᠤ ᠰᠡᠳᠬᠢᠯ ᠢ ᠬᠦᠳᠡᠯᠬᠡᠮ᠎ᠠ ᠰᠣᠶᠣᠯ ᠤᠨ ᠰᠠᠶᠢᠬᠠᠨ ᠠᠵᠢᠯᠯᠠᠭ᠎ᠠ ᠦᠷᠨᠢᠬᠦᠯᠵᠡᠢ᠃ | | | | | | | | ᠤᠷᠤᠯᠳᠤᠭᠠᠨ ᠳᠤ ᠤᠷᠤᠯᠴᠬᠠᠰᠠᠨ ᠬᠦᠮᠤᠰ ᠦᠪᠡᠷ ᠤᠨ ᠡᠵᠢ ᠳᠡᠭᠡᠨ ᠦᠭᠬᠦᠭᠰᠡᠨ ᠵᠠᠬᠢᠳᠡᠯ ᠢᠶᠠᠨ ᠤᠯᠠᠨ ᠳᠤ | ᠤᠡᠭᠰᠢᠬᠤ ᠳᠤ ᠣᠷᠣᠯᠳᠣᠭᠠᠨ ᠰᠣᠨᠢᠷᠬᠠᠭᠰᠠᠨ ᠬᠦᠮᠣᠰ ᠣᠳᠠᠳᠠᠯ᠎ᠠ ᠠᠯᠠᠭ᠎ᠠ ᠲᠠᠰᠢᠵᠣ ᠪᠠᠶᠠᠷ ᠬᠦᠷᠬᠡᠬᠦ ᠶᠢᠨ ᠬᠠᠮᠳᠣ | ᠨᠢᠯᠪᠣᠰᠣ ᠪᠠᠨ ᠠᠰᠬᠠᠷᠠᠭᠤᠯᠣᠨ ᠡᠷᠡᠬᠡᠢ ᠭᠠᠷᠭᠠᠨ ᠮᠠᠭᠳᠠᠵᠠᠭᠠᠵᠣ ᠪᠠᠶᠢᠯ᠎ᠠ᠃ ᠤᠷᠤᠯᠳᠤᠭᠠᠨ ᠤ ᠡᠴᠤᠰ ᠲᠤ | ᠬᠢᠨᠠᠭᠴᠢᠳ ᠤᠨ ᠲᠣᠭᠤᠶᠢᠯᠠᠩ ᠤᠨ ᠬᠢᠨᠠᠯᠳᠠ ᠪᠠᠷ ᠲᠠᠮᠵᠢᠵᠣ ᠮᠠᠨᠳᠠᠷᠸ᠎ᠠ ᠨᠢᠬᠡᠳᠣᠬᠡᠷ᠂ ᠣᠷᠠᠩᠭᠤᠸ᠎ᠠ ᠬᠤᠶᠠᠳᠣᠭᠠᠷ᠂ | ᠰᠡᠴᠡᠨ ᠭᠤᠷᠪᠠᠳᠣᠭᠠᠷ ᠲᠡᠰ ᠲᠤ ᠲᠣᠰ ᠲᠣᠰ ᠲᠣᠳᠣᠷᠠᠵᠣ᠂ ᠱᠠᠩᠨᠠᠯ ᠤᠨ ᠦᠨᠡᠮᠯᠠᠯ ᠪᠣᠯᠣᠨ ᠪᠣᠳᠠᠰ ᠭᠠᠷᠳᠠᠪᠠ᠃ | ᠡᠭᠦᠨ ᠤ ᠵᠡᠷᠬᠡ ᠪᠠᠷ ᠵᠢᠷᠠᠨ ᠲᠠᠪᠣᠨ ᠨᠠᠰᠣᠨ ᠠᠴᠠ ᠲᠡᠭᠡᠭᠰᠢᠬᠢ ᠡᠬᠡᠴᠣᠣᠯ ᠳᠡᠭᠡᠨ ᠦᠨᠡᠳᠣ ᠲᠣᠷᠠᠰᠬᠠᠯ ᠤᠨ ᠪᠣᠳᠠᠰ | ᠭᠠᠷᠳᠠᠭᠤᠯᠣᠨ ᠵᠣᠷᠢᠭᠵᠢᠭᠤᠯᠵᠣ᠂ ᠪᠦᠬᠦ ᠡᠬᠡᠴᠣᠳ ᠲᠡᠭᠡᠨ ᠪᠠᠶᠠᠷ ᠤᠨ ᠡᠳᠣᠷ ᠤᠨ ᠪᠡᠯᠡᠭ ᠬᠦᠷᠬᠡᠭᠰᠠᠨ ᠪᠠᠶᠢᠨ᠎ᠠ᠃ | ︽ᠰᠠᠶᠢᠬᠠᠨ ᠶᠠᠪᠣᠪᠠᠯ ᠰᠠᠶᠢᠨ ᠣᠴᠢᠷ ᠲᠣᠬᠢᠶᠠᠯᠳᠣᠨ᠎ᠠ︾ ᠬᠡᠳᠡᠭ ᠴᠢᠨᠢ ᠴᠢᠪ ᠬᠡᠮᠡᠨ ᠦᠨᠡᠨ ᠣᠴᠢᠷ | ᠪᠠᠶᠢᠨ᠎ᠠ᠃ ᠠᠵᠢᠯᠯᠠᠭᠠᠨ ᠳᠤ ᠦᠣᠰᠢᠨ ᠨᠣᠮ ᠤᠨ ᠰᠠᠩ ᠤᠨ ᠬᠢᠨ ᠬᠦᠷᠣᠯᠴᠠᠨ ᠢᠷᠠᠵᠣ ᠬᠤᠪᠣᠷ ᠴᠣᠬᠠᠭ᠂ ᠰᠢᠨ᠎ᠠ | ᠰᠡᠪᠡᠬᠦᠨ ᠨᠣᠮ ᠰᠣᠳᠣᠷ ᠢᠶᠠᠨ ᠵᠢᠬᠡᠯᠠᠨ ᠦᠵᠡᠬᠦᠯᠵᠣ᠂ ᠣᠨᠢᠰᠤᠭ᠎ᠠ ᠲᠠᠭᠠᠯᠭᠠᠨ ᠱᠠᠩᠨᠠᠵᠣ᠂ ᠣᠶᠣᠨ ᠤ ᠰᠢᠮ᠎ᠠ | ᠬᠦᠷᠬᠡᠭᠰᠠᠨ ᠢᠶᠠᠷ ᠪᠠᠷᠠᠬᠤ ᠦᠭᠡᠢ᠂ ᠲᠤᠭ ᠪᠠᠯᠭᠠᠰᠣᠨ ᠤ ᠨᠠᠷᠠᠳᠣ ᠡᠮᠴᠢ ᠴᠡᠩᠬᠡᠯᠨᠣᠷᠪᠤ ᠦᠪᠡᠷ ᠤᠨ ᠰᠠᠶᠢᠨ | ᠲᠣᠷ᠎ᠠ ᠠᠴᠠ ᠪᠠᠨ ᠬᠦᠷᠣᠯᠴᠠᠨ ᠢᠷᠡᠵᠣ ᠮᠠᠯᠴᠢᠨ ᠲᠦᠮᠡᠨ ᠳᠤ ᠦᠨ᠎ᠠ ᠲᠦᠯᠣᠪᠣᠷᠢ ᠦᠭᠡᠢ ᠡᠪᠡᠳᠴᠢᠨ ᠦᠵᠡᠵᠣ᠂ | ᠵᠦᠪᠯᠡᠮᠵᠢ ᠦᠭᠬᠦᠭᠰᠠᠨ ᠪᠠ ᠲᠤᠭ ᠪᠠᠯᠭᠠᠰᠣᠨ ᠳᠠᠬᠢ ︽ᠬᠤᠢ ᠺᠠᠩ︾ ᠡᠮ ᠤᠨ ᠲᠡᠯᠬᠡᠬᠦᠷ ᠤᠨ ᠦᠰᠦᠭᠳᠣ᠂ | ᠽᠠᠨᠳᠠᠨ ᠨᠠᠷ᠂ ᠴᠢᠰᠣᠨ ᠲᠠᠷᠣᠯᠳᠠ᠂ ᠰᠢᠬᠢᠷ ᠰᠢᠵᠢᠩ ᠡᠪᠡᠳᠴᠢᠨ ᠢ ᠪᠠᠶᠢᠴᠠᠭᠠᠬᠤ ᠵᠢᠵᠢᠭ ᠮᠠᠰᠢᠨ ᠪᠠ ᠡᠮ ᠲᠠᠩ | ᠭᠡᠭᠦᠴᠢᠯᠡᠨ ᠬᠡᠳᠣᠨ ᠮᠢᠩᠭᠠᠨ ᠲᠦᠬᠦᠷᠢᠭ ᠤᠨ ᠦᠷᠳᠡᠭ ᠪᠦᠬᠦᠢ ᠵᠦᠢᠯ ᠢᠶᠠᠨ ᠡᠪᠡᠳᠴᠢᠨ ᠲᠠᠢ ᠬᠦᠮᠣᠰ ᠲᠤ ᠦᠨ᠎ᠠ | ᠲᠦᠯᠣᠪᠣᠷᠢ ᠦᠭᠡᠢ ᠬᠦᠷᠬᠡᠵᠡᠢ᠃ ᠡᠬᠦᠨ ᠠᠴᠠ ᠭᠠᠳᠡᠨ᠎ᠠ ᠦᠰᠣ ᠵᠠᠰᠠᠭᠴᠢ ᠰᠢᠣᠸᠡᠢ ᠴᠦᠨ ᠪᠠᠭᠠᠵᠢ ᠬᠡᠷᠡᠭᠰᠠᠯ ᠢᠶᠠᠨ | ᠠᠪᠴᠣ ᠮᠠᠯᠴᠢᠳ ᠲᠤ ᠬᠠᠷᠠᠮ ᠦᠭᠡᠢ ᠦᠰᠣ ᠵᠠᠰᠠᠵᠡᠢ᠃ ᠢᠯᠠᠩᠭᠤᠶ᠎ᠠ ᠲᠣᠰ ᠭᠠᠴᠠᠭᠠᠨ ᠳᠤ ᠠᠵᠢᠯ ᠬᠠᠪᠰᠣᠷᠴᠣ | ᠪᠠᠶᠢᠭ᠎ᠠ ᠠᠵᠢᠯᠳᠠᠨ ᠰᠡᠴᠡᠨᠳᠠᠯᠡᠢ ᠦᠪᠡᠷ ᠤᠨ ᠴᠠᠯᠢᠩ ᠤᠨ ᠮᠦᠩᠬᠦ ᠠᠴᠠ 2000 ᠲᠦᠬᠦᠷᠢᠭ ᠢ ᠡᠬᠡᠴᠣᠣᠯ ᠤᠨ | ᠪᠠᠶᠠᠷ ᠲᠤ ᠬᠦᠷᠬᠡᠵᠣ᠂ ᠡᠬᠡᠴᠣᠣᠯ ᠤᠨ ᠡᠷᠡᠬᠦᠯ ᠡᠩᠬᠡ ᠰᠠᠶᠢᠨ ᠰᠠᠶᠢᠬᠠᠨ ᠪᠠᠶᠢᠬᠤ ᠶᠢ ᠵᠦᠩᠨᠡᠭᠰᠠᠨ ᠪᠠᠶᠢᠨ᠎ᠠ᠃ | ᠬᠤᠸᠠᠳᠣᠯᠣᠭᠠᠢ ᠭᠠᠴᠠᠭᠠᠨ ᠤ ᠡᠵᠢ ᠪᠠᠨ ᠪᠠᠶᠠᠷᠯᠠᠭᠤᠯᠣᠨ ᠡᠷᠴᠢ ᠵᠣᠷᠢᠭ ᠢᠶᠠᠨ ᠬᠦᠪᠴᠢᠯᠡᠭᠰᠡᠡ ᠠᠵᠢᠯᠯᠠᠭ᠎ᠠ | ᠰᠠᠶᠢᠬᠠᠨ ᠶᠠᠪᠣᠭᠳᠠᠵᠣ᠂ ᠡᠵᠢ ᠬᠦᠮᠣᠨ ᠪᠠᠶᠠᠰᠣᠩᠭᠤᠢ᠂ ᠬᠡᠷ ᠪᠦᠯᠢ ᠬᠠᠯᠠᠭᠤᠨ ᠲᠣᠯᠠᠭᠠᠬᠠᠨ᠂ ᠠᠵᠢᠯ ᠦᠢᠯᠠᠰ | ᠦᠬᠡᠳᠠ ᠡᠰᠠᠷᠠᠩ᠂ ᠰᠠᠨᠠᠭᠰᠠᠨ ᠬᠡᠷᠡᠭ ᠰᠡᠳᠬᠢᠯᠴᠢᠯᠠᠨ ᠪᠦᠳᠣᠬᠦ ᠶᠢᠨ ᠦᠯᠵᠡᠢ ᠲᠠᠢ ᠰᠠᠶᠢᠨ ᠣᠴᠠᠷᠠᠯ ᠪᠦᠷᠢᠳᠣᠨ | ᠲᠡᠯᠬᠡᠷᠡᠯᠠ᠃ | ᠬᠤᠸᠠᠳᠣᠯᠣᠭᠠᠢ ᠭᠠᠴᠠᠭᠠᠨ ᠤ ᠺᠠᠳ᠋ᠷ ᠮᠠᠯᠴᠢᠨ ᠲᠦᠮᠡᠨ ᠪᠦᠯᠬᠦᠮᠳᠠᠨ ᠲᠡᠮᠡᠴᠠᠵᠣ᠂ ᠬᠠᠮᠳᠣ ᠪᠠᠷ ᠴᠡᠴᠡᠭᠯᠠᠨ | ᠬᠦᠭᠵᠢᠬᠦ ᠪᠣᠯᠳᠣᠭᠠᠢ︕ | | |