ᠮᠠᠨ ᠤ ᠬᠤᠰᠢᠭᠤᠨ ᠤ ᠮᠣᠩᠭᠤᠯ ᠰᠣᠷᠣᠭᠴᠢᠳ ︽ᠲᠦᠮᠡᠨ ᠨᠣᠮ ᠤᠨ ᠬᠡᠰᠢᠭ︾ ᠬᠦᠷᠳᠡᠯ᠎ᠡ
ᠨᠡᠶᠢᠲᠡᠯᠡᠭᠰᠡᠨ ᠴᠠᠭ᠄
2019-05-24
     ᠣᠶᠢᠷ᠎ᠠ ᠶᠢᠨ ᠡᠳᠦᠷ᠂ ︽ᠲᠦᠮᠡᠨ ᠨᠣᠮ ᠤᠨ ᠬᠡᠰᠢᠭ︾ ᠢ ᠦᠷᠳᠡᠬᠡᠯᠡᠨ ᠲᠠᠷᠬᠠᠭᠠᠬᠤ ᠠᠵᠢᠯᠯᠠᠭ᠎ᠠ  ᠮᠠᠨ ᠤ ᠬᠤᠰᠢᠭᠤᠨ ᠤ ᠰᠣᠶᠣᠯ ᠤᠨ ᠪᠦᠳᠣᠬᠡᠯᠳᠡ ᠠᠵᠣ ᠣᠶᠢᠯᠡᠰ ᠤᠨ ᠬᠦᠷᠢᠶᠠᠯᠠᠩ ᠳᠤ ᠶᠠᠪᠤᠭᠳᠠᠵᠤ‌ᠮᠠᠨ ᠤ ᠬᠤᠰᠢᠭᠤᠨ ᠤ ᠮᠣᠩᠭᠤᠯ ᠰᠤᠷᠤᠭᠴᠢᠳ ᠲᠤ ᠮᠢᠩᠭ᠎ᠠ ᠲᠠᠪᠤᠨ ᠵᠠᠭᠤᠨ ᠲᠡᠪᠲᠡᠷ ︽ᠮᠢᠨᠤ ᠤᠩᠰᠢᠭᠰᠠᠨ ᠴᠢᠩᠭᠢᠰ ᠬᠠᠭᠠᠨ︾ ᠬᠡᠮᠡᠬᠦ  ᠨᠣᠮ ᠢ ᠦᠨ᠎ᠡ ᠲᠦᠯᠦᠪᠤᠷᠢ ᠦᠭᠡᠢ ᠪᠠᠷ ᠬᠦᠷᠭᠡᠵᠦ ᠬᠡᠦᠬᠡᠳ ᠪᠠᠭᠠᠴᠤᠳ ᠲᠤ ᠨᠣᠮ ᠪᠢᠴᠢᠭ ᠤᠨ ᠰᠢᠮ᠎ᠠ ᠢ ᠬᠦᠷᠳᠡᠬᠡᠭᠰᠡᠨ ᠪᠠᠶᠢᠨ᠎ᠠ᠃ ᠲᠤᠰ ᠠᠵᠢᠯᠯᠠᠭ᠎ᠠ ᠶᠢ ᠵᠠᠯᠠᠭᠤ ᠦᠢᠯᠡᠰ ᠪᠦᠲᠦᠭᠡᠭᠴᠢ ᠤᠳᠤᠨᠬᠡᠷᠡᠯ ᠪᠣᠯᠤᠨ ᠦᠤᠰᠢᠨ ᠬᠤᠰᠢᠭᠤᠨ ᠤ ︽ᠠᠳᠡ︾ ᠨᠡᠶᠢᠬᠡᠮᠯᠢᠭ ᠬᠠᠮᠲᠤᠷᠠᠨ ᠬᠢᠵᠤ ᠰᠤᠷᠤᠭᠴᠢᠳ ᠪᠣᠯᠤᠨ ᠭᠡᠷ ᠤᠨ ᠠᠬᠠᠮᠠᠳ ᠤᠨ ᠬᠠᠯᠠᠭᠤᠨ ᠬᠦᠷᠢᠶᠡᠯᠡᠯ ᠢ ᠤᠯᠤᠭᠰᠠᠨ ᠪᠠᠶᠢᠨ᠎ᠠ᠃        ᠤᠳᠤᠨᠬᠡᠷᠡᠯ ᠪᠣᠯ ᠥᠬᠡᠯᠦᠨ ᠰᠤᠷᠭᠠᠨ ᠬᠦᠮᠦᠵᠢᠯ ᠤᠨ ᠺᠣᠮᠫᠠᠨᠢ ᠶᠢᠨ ᠶᠠᠷᠦᠩᠬᠡᠢ ᠵᠠᠬᠢᠷᠤᠯ᠂ ᠦᠭᠡᠯᠦᠨ ᠠᠷᠠᠯᠵᠢᠶ᠎ᠠ ᠬᠤᠳᠠᠯᠳᠤᠭᠠᠨ ᠤ ᠰᠤᠯᠢᠯᠴᠠᠭᠠᠨ ᠤ ᠲᠠᠪᠴᠠᠩ ᠤᠨ ᠡᠬᠦᠰᠬᠡᠨ ᠪᠠᠶᠢᠭᠤᠯᠤᠭᠴᠢ ᠪᠤᠯᠬᠤ ᠶᠤᠮ᠃  ᠤᠳᠤᠨᠬᠡᠷᠡᠯ ︽ᠮᠢᠨᠤ ᠤᠩᠰᠢᠭᠰᠠᠨ ᠴᠢᠩᠬᠢᠰ ᠬᠠᠭᠠᠨ︾ ᠭᠡᠬᠦ ᠨᠣᠮ ᠢ 2017 ᠣᠨ ᠳᠤ ᠡᠬᠢᠯᠡᠨ ᠪᠢᠴᠢᠵᠦ    2018 ᠤᠨ ᠤ 8 ᠰᠠᠷ᠎ᠠ ᠠᠴᠠ ᠤᠳᠤᠬᠠᠨ ᠪᠤᠯᠳᠠᠯ᠎ᠠ ᠲᠥᠷᠪᠡᠨ ᠲᠦᠮᠡ ᠰᠢᠬᠠᠮ ᠲᠡᠪᠳᠡᠷ ᠢ ᠨᠡᠶᠢᠬᠡᠮ ᠨᠡᠶᠢᠲᠡ ᠳᠤ ᠦᠨ᠎ᠡ ᠲᠥᠯᠦᠪᠤᠷᠢ ᠦᠭᠡᠢ ᠲᠠᠷᠬᠠᠭᠠᠭᠰᠠᠨ ᠪᠠᠶᠢᠨ᠎ᠠ᠃ᠤᠳᠤᠨᠬᠡᠷᠡᠯ ᠄ ︽ᠳᠣᠰ ᠨᠣᠮ ᠢ ᠪᠣᠯ ᠮᠠᠨ ᠤ ︿ᠮᠣᠩᠭᠤᠯ ᠤᠨ ᠨᠢᠭᠤᠴᠠ ᠲᠣᠪᠴᠢᠶᠠᠨ﹀ ᠠᠴᠠ ᠰᠡᠳᠦᠪᠯᠡᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠩᠰᠢᠬᠤ ᠳᠤ ᠲᠦᠭᠦᠮ ᠪᠤᠯᠭᠠᠵᠤ ᠠᠭᠤᠯᠭ᠎ᠠ ᠶᠢ ᠬᠠᠮᠤᠭ ᠤᠨ ᠲᠦᠬᠦᠮ ᠠᠪᠰᠠᠷ ᠬᠡᠯᠡ ᠪᠠᠷ ᠨᠠᠶᠢᠷᠠᠭᠤᠯᠤᠭᠰᠠᠨ ᠶᠤᠮ᠃ ᠲᠡᠭᠡᠭᠡᠳ ᠡᠨᠡ ᠤᠳᠠᠭᠠᠨ ᠤ ᠬᠦᠳᠡᠯᠭᠡᠭᠡᠨ ᠢ ︿ᠠᠳᠡ﹀ ᠨᠡᠶᠢᠬᠡᠮᠯᠢᠭ ᠳᠡᠳᠬᠦᠨ ᠬᠠᠯᠠᠮᠵᠢᠯᠠᠵᠤ ᠮᠠᠨ ᠤ ᠬᠤᠶᠠᠷ ᠲᠠᠯ᠎ᠠ ᠶᠢᠨ ᠺᠤᠮᠫᠠᠨᠢ ᠶᠢᠨ ᠬᠠᠨᠳᠢᠪ ᠢᠶᠠᠷ ᠦᠤᠰᠢᠨ ᠬᠤᠰᠢᠭᠤᠨ  ᠳᠤ ᠲᠠᠷᠬᠠᠭᠠᠭᠰᠠᠨ ᠪᠠᠶᠢᠨ᠎ᠠ᠃      ᠦᠤᠰᠢᠨ ᠬᠤᠰᠢᠭᠤᠨ ᠤ ︽ᠠᠳᠡ︾ ᠨᠡᠶᠢᠬᠡᠮᠯᠢᠭ ᠨᠢ 2018 ᠣᠨ ᠳᠤ ᠪᠠᠶᠢᠭᠤᠯᠤᠭᠳᠠᠵᠤ  ᠺᠤᠮᠫᠠᠨᠢ᠂ ᠴᠢᠯᠦᠭᠡᠲᠦ ᠳᠡᠯᠭᠡᠭᠦᠷ᠂ ᠮᠠᠯᠵᠢᠯ ᠤᠨ ᠲᠠᠯᠠᠪᠠᠢ ᠵᠡᠷᠭᠡ ᠭᠤᠷᠪᠠᠨ ᠬᠡᠰᠡᠭ ᠢᠶᠠᠷ ᠪᠦᠷᠢᠯᠳᠦᠵᠦ ᠮᠠᠯᠴᠢᠳ   ᠤᠨ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠲᠤᠤᠷ ᠰᠦᠯᠵᠢᠶ᠎ᠡ ᠪᠠᠷ  ᠪᠣᠷᠣᠯᠠᠭᠤᠯᠬᠤ᠂ ᠮᠠᠯᠴᠢᠳ ᠤᠨ ᠡᠳᠦᠷ ᠲᠣᠲᠣᠮ ᠤᠨ ᠠᠮᠢᠳᠤᠷᠠᠯ ᠤᠨ ᠪᠠᠷᠠᠭ᠎ᠠ ᠲᠠᠸᠠᠷ ᠢ ᠬᠠᠷᠢᠴᠠᠩᠭᠤᠢ ᠬᠢᠮᠳᠠ ᠦᠨ᠎ᠡ ᠪᠠᠷ ᠬᠦᠷᠭᠡᠬᠦ᠂ ᠰᠣᠶᠣᠯ ᠤᠨ ᠠᠵᠣ ᠣᠶᠢᠯᠡᠰ ᠲᠤ ᠬᠠᠨᠳᠢᠪ ᠡᠷᠬᠦᠬᠦ ᠵᠡᠷᠭᠡ ᠶᠢᠨ ᠪᠣᠳᠡᠳᠡᠢ ᠠᠵᠢᠯ ᠬᠢᠵᠣ ᠪᠠᠶᠢᠨ᠎ᠠ᠃  
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号