ᠳᠣᠮᠢᠯᠠᠭᠰᠠᠨ ᠰᠠᠯᠪᠣᠷᠢ ᠶᠢᠨ ᠸᠢᠴᠠᠲ ᠣᠶᠢᠯᠡᠴᠢᠯᠡᠭᠡ ᠣᠯᠠᠨ ᠲᠦᠮᠡᠨ ᠳᠤ ᠲᠦᠬᠦᠮ ᠠᠪᠴᠢᠷᠠᠪᠠ
ᠨᠡᠶᠢᠲᠡᠯᠡᠭᠰᠡᠨ ᠴᠠᠭ᠄
2019-05-29
     ᠮᠠᠨ ᠤ ᠬᠤᠰᠢᠭᠤᠨ ᠤ ᠭᠠᠯᠠᠭᠤᠲᠤ ᠳᠠᠬᠢ ᠨᠢᠭᠡᠳᠦᠭᠡᠷ ᠲᠣᠮᠢᠯᠠᠭᠰᠠᠨ ᠰᠠᠯᠪᠤᠷᠢ ᠨᠢ ᠬᠠᠷᠢᠶ᠎ᠠ ᠳᠣᠭᠤᠷᠢᠭ ᠤᠨ ᠬᠡᠰᠡᠭ ᠪᠦᠯᠣᠭ᠌ ᠴᠠᠭᠳᠠᠭᠠᠨ ᠤ ᠶᠠᠪᠣᠳᠠᠯ ᠤᠨ ᠠᠵᠢᠯ ᠢᠶᠠᠨ ᠭᠠᠷ ᠣᠳᠠᠰᠣᠨ ᠤ ᠸᠢᠴᠠᠲ ᠳᠣᠰᠬᠠᠢ ᠳᠠᠪᠴᠠᠩ ᠢᠶᠠᠷ ᠪᠠᠶᠠᠯᠠᠬᠦᠯᠵᠣ  ᠠᠷᠡᠳ ᠣᠯᠠᠨ᠂ ᠠᠯᠪᠡᠨ ᠤ ᠴᠠᠭᠳᠠᠭ᠎ᠠ ᠶᠢᠨ ᠠᠵᠢᠯ ᠶᠠᠪᠣᠳᠠᠯ ᠢ ᠲᠦᠬᠦᠮᠴᠢᠯᠡᠭᠰᠡᠨ ᠭᠠᠷ ᠣᠲᠠᠰᠣ  ᠪᠠᠷ ᠠᠯᠪᠠᠯᠠᠬᠤ ᠳᠣᠮᠢᠯᠠᠭᠰᠠᠨ ᠰᠠᠯᠪᠣᠷᠢ ᠶᠢ ᠡᠭᠦᠳᠣᠨ ᠪᠠᠶᠢᠭᠤᠯᠪᠠ᠃      ᠨᠡᠭᠦᠳᠡᠯ ᠬᠥᠮᠥᠨ ᠠᠮᠠ ᠶᠢᠨ ᠬᠠᠮᠢᠶᠠᠷᠤᠯᠲᠠ ᠨᠢ ᠡᠯ᠎ᠡ ᠲᠣᠮᠢᠯᠠᠭᠰᠠᠨ ᠰᠠᠯᠪᠤᠷᠢ ᠶᠢᠨ ᠮᠠᠰᠢ ᠴᠢᠬᠤᠯᠠ ᠠᠵᠢᠯ ᠪᠣᠯᠣᠨ᠎ᠠ᠃ ᠭᠠᠯᠠᠭᠤᠳᠣ ᠳᠠᠬᠢ ᠨᠢᠬᠡᠳᠣᠬᠡᠷ ᠳᠣᠮᠢᠯᠠᠭᠰᠠᠨ ᠰᠠᠯᠪᠣᠷᠢ ᠶᠢᠨ ᠬᠠᠷᠢᠶ᠎ᠠ ᠳᠣᠭᠤᠷᠢᠭ ᠲᠤ ᠮᠠᠰᠢ ᠣᠯᠠᠨ ᠬᠤᠪᠢ ᠶᠢᠨ ᠡᠵᠡᠩᠨᠡᠯᠲᠡ ᠶᠢᠨ ᠡᠷᠣᠬᠡ ᠰᠠᠭᠤᠷᠢᠰᠢᠵᠣ ᠶᠡᠭᠡ ᠪᠠᠷᠤᠭ ᠨᠢ ᠭᠠᠳᠠᠨ᠎ᠠ ᠣᠷᠣᠨ ᠠᠴᠠ ᠮᠠᠷᠭᠡᠵᠢᠯᠳᠡᠨ  ᠪᠣᠯᠣᠨ ᠬᠦᠯᠣᠰᠣᠨ ᠠᠵᠢᠯᠴᠢᠨ ᠣᠷᠢᠨ ᠭᠡᠷᠡᠭᠯᠡᠵᠣ ᠪᠠᠶᠢᠳᠠᠭ᠃ ᠡᠳᠡᠬᠡᠷ ᠮᠠᠷᠬᠡᠵᠢᠯᠳᠡᠨ ᠪᠣᠯᠣᠨ ᠬᠦᠯᠣᠰᠣᠨ ᠠᠵᠢᠯᠴᠢᠨ ᠤ ᠮᠡᠳᠡᠭᠡ ᠵᠠᠩᠭᠢ ᠶᠢ ᠬᠤᠪᠢ ᠶᠢᠨ ᠡᠵᠡᠩᠨᠡᠯᠲᠡ ᠶᠢᠨ ᠡᠵᠡᠨᠳᠡᠨ ᠠᠴᠠ ᠴᠠᠭ ᠳᠠᠷᠣᠢ ᠳᠤᠨᠢ ᠳᠣᠮᠢᠯᠠᠭᠰᠠᠨ ᠰᠠᠯᠪᠣᠷᠢ ᠶᠢᠨ ᠪᠠᠶᠢᠭᠤᠯᠣᠭᠰᠠᠨ ᠭᠠᠷ ᠣᠳᠠᠰᠣᠨ ᠤ ᠸᠢᠴᠠᠲ ᠤᠨ ᠣᠯᠠᠨ ᠨᠠᠶᠢᠳᠡ ᠶᠢᠨ ᠳᠠᠪᠴᠠᠩ ᠳᠤ ᠮᠡᠳᠡᠭᠦᠯᠣᠨ ᠳᠠᠮᠵᠢᠭᠤᠯᠵᠣ ᠲᠣᠮᠢᠯᠠᠭᠰᠠᠨ ᠰᠠᠯᠪᠤᠷᠢ ᠰᠢᠭᠤᠣᠨ ᠬᠢᠨᠡᠨ ᠬᠠᠷᠭᠤᠭᠤᠯᠵᠣ ᠥᠪᠡᠷ ᠤᠨ ᠪᠡᠶ᠎ᠡ ᠪᠠᠷ ᠢᠶᠠᠨ ᠲᠣᠮᠢᠯᠠᠭᠰᠠᠨ ᠰᠠᠯᠪᠤᠷᠢ ᠳᠤ ᠣᠴᠢᠨ ᠳᠠᠩᠰᠠᠯᠭᠤᠯᠬᠤ ᠦᠬᠡᠢ ᠳᠦᠬᠦᠮ ᠪᠣᠯᠪᠠ᠃      ᠳᠣᠮᠢᠯᠠᠭᠰᠠᠨ ᠰᠠᠯᠪᠣᠷᠢ ᠶᠢᠨ ᠠᠷᠠᠳ ᠤᠨ ᠴᠠᠭᠳᠠᠭ᠎ᠠ ᠳᠤ ᠠᠪᠴᠤ ᠬᠡᠯᠡᠪᠡᠯ ᠬᠡᠳᠣᠨ ᠵᠠᠭᠤᠨ ᠬᠤᠪᠢ ᠶᠢᠨ ᠡᠵᠡᠩᠨᠡᠯᠲᠡ ᠶᠢᠨ ᠡᠷᠣᠬᠡ ᠰᠠᠭᠤᠵᠣ ᠪᠠᠶᠢᠭ᠎ᠠ ᠬᠠᠷᠢᠶ᠎ᠠ ᠲᠣᠭᠤᠷᠢᠭ ᠲᠤ ᠬᠡᠳᠣᠨ ᠴᠠᠭᠳᠠᠭ᠎ᠠ ᠬᠦᠷᠴᠣ ᠠᠵᠢᠯᠯᠠᠵᠣ ᠪᠠᠶᠢᠭ᠎ᠠ ᠨᠡᠬᠦᠳᠡᠯ ᠠᠷᠡᠳ   ᠤᠨ ᠮᠡᠳᠡᠭᠡ ᠵᠠᠩᠬᠢ ᠶᠢ ᠪᠠᠶᠢᠴᠠᠭᠠᠨ ᠪᠦᠷᠢᠳᠭᠡᠬᠦ ᠶᠢᠨ ᠬᠠᠮᠳᠣ ᠨᠠᠷᠢᠯᠢᠭ ᠣᠨᠣᠪᠴᠢᠳᠡᠢ ᠣᠶᠢᠯᠠᠭᠠᠬᠤ ᠨᠢ ᠬᠦᠴᠢᠷ ᠲᠠᠢ ᠠᠰᠠᠭᠤᠳᠠᠯ ᠪᠠᠶᠢᠵᠠᠢ᠃ ᠡᠨᠡᠬᠦ ᠳᠣᠮᠢᠯᠠᠭᠰᠠᠨ ᠰᠠᠯᠪᠣᠷᠢ ᠶᠢᠨ ᠭᠠᠷ ᠣᠳᠠᠰᠣᠨ ᠤ ᠸᠢᠴᠠᠲ ᠳᠠᠪᠴᠠᠩ ᠢ ᠪᠠᠶᠢᠭᠤᠯᠣᠭᠰᠠᠨ ᠠᠴᠠ ᠴᠠᠭᠳᠠᠭ᠎ᠠ ᠨᠠᠷ ᠤᠨ ᠠᠵᠢᠯ ᠳᠤ ᠳᠣᠶᠢᠯ ᠤᠨ ᠶᠡᠭᠡ ᠬᠠᠪᠰᠣᠷᠣᠯᠭ᠎ᠠ ᠪᠣᠯᠪᠠ᠃      ᠭᠠᠯᠠᠭᠤᠲᠤ ᠳᠠᠬᠢ ᠨᠢᠭᠡᠳᠦᠭᠡᠷ ᠲᠣᠮᠢᠯᠠᠭᠰᠠᠨ ᠰᠠᠯᠪᠤᠷᠢ ᠨᠢ 2017 ᠣᠨ ᠠᠴᠠ ᠡᠬᠢᠯᠡᠵᠦ ᠴᠠᠭᠳᠠᠭᠠᠨ ᠤ ᠶᠠᠪᠣᠳᠠᠯ ᠤᠨ ᠠᠵᠢᠯ ᠢᠶᠠᠨ ᠭᠠᠷ ᠣᠳᠠᠰᠣᠨ ᠤ ᠸᠢᠴᠠᠲ ᠳᠣᠰᠬᠠᠢ ᠳᠠᠪᠴᠠᠩ ᠢ ᠠᠰᠢᠭᠯᠠᠨ ᠪᠠᠶᠠᠯᠠᠬᠦᠯᠬᠦ ᠰᠦᠪᠡᠭᠴᠢᠯᠡᠯᠳᠡ ᠬᠢᠵᠣ  ᠬᠤᠶᠠᠷ ᠵᠢᠯ ᠭᠠᠷᠣᠢ ᠶᠢᠨ ᠳᠣᠷᠰᠢᠨ ᠭᠡᠷᠡᠭᠯᠡᠯᠳᠡ ᠪᠠᠷ ᠪᠣᠳᠡᠳᠣ ᠭᠡᠷᠡᠭᠯᠡᠬᠡᠨ ᠳᠤ ᠣᠷᠣᠭᠤᠯᠪᠠ᠃ ᠣᠳᠤ ᠡᠨᠡᠬᠦ ᠳᠡᠪᠴᠠᠩ ᠨᠢ ᠳᠦᠷ ᠰᠠᠭᠤᠬᠤ ᠦᠨᠡᠮᠯᠡᠯ ᠭᠠᠷᠭᠠᠬᠤ᠂ ᠭᠡᠷ ᠳᠦᠷᠢᠶᠠᠰᠣᠯᠠᠬᠦ ᠳᠠᠩᠰᠠᠯᠠᠯᠲᠠ ᠵᠡᠷᠭᠡ 40 ᠭᠠᠷᠤᠶ ᠵᠦᠢᠯ ᠤᠨ ᠠᠷᠠᠳ ᠲᠤ ᠲᠦᠬᠦᠮ ᠦᠵᠡᠬᠦᠯᠬᠦ ᠦᠢᠯᠡᠴᠢᠯᠡᠭᠡ ᠶᠢ ᠪᠡᠶᠡᠯᠡᠬᠦᠯᠵᠣ ᠴᠢᠳᠠᠪᠠ᠃ ᠣᠳᠤ ᠪᠤᠯᠳᠠᠯ᠎ᠠ ᠭᠠᠯᠠᠭᠤᠲᠤ ᠳᠠᠬᠢ ᠨᠢᠭᠡᠳᠦᠭᠡᠷ ᠲᠣᠮᠢᠯᠠᠭᠰᠠᠨ ᠰᠠᠯᠪᠤᠷᠢ ᠶᠢᠨ ᠬᠢᠨ ᠨᠢᠭᠡᠨᠲᠡ 5 ᠲᠦᠮᠡ ᠭᠠᠷᠤᠶ ᠤᠳᠠᠭᠠᠨ ᠤ ᠲᠤᠬᠠᠶᠢᠯᠠᠭᠰᠠᠨ ᠠᠵᠢᠯ ᠢ ᠬᠦᠯᠢᠶᠡᠨ ᠠᠪᠴᠤ ᠰᠢᠢᠳᠪᠤᠷᠢᠯᠡᠭᠰᠡᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号