ᠵᠢᠷᠭᠤᠭᠠᠨ ᠰᠠᠷ᠎ᠠ ᠶᠢᠨ ᠨᠢᠭᠡᠨ ᠤ ᠪᠠᠭᠠᠴᠣᠣᠨ ᠬᠡᠥᠬᠡᠳ ᠤᠨ ᠪᠠᠶᠠᠷ ᠬᠦᠷᠴᠣ ᠢᠷᠡᠬᠦ ᠪᠠᠷ ᠮᠠᠯᠴᠢᠨ | ᠵᠢᠷᠣᠭᠴᠢᠨ ᠱᠣᠸᠠᠩ ᠰᠢ ᠦᠪᠡᠷ ᠤᠨ ᠡᠬᠡ ᠰᠣᠷᠭᠠᠭᠤᠯᠢ ᠪᠣᠯᠬᠤ ᠦᠣᠰᠢᠨᠵᠣᠣ ᠬᠡᠥᠭᠡᠳ ᠤᠨ ᠴᠡᠴᠡᠷᠯᠢᠭ ᠲᠤ | ᠠᠩᠬᠠᠳᠤᠭᠠᠷ ᠤᠳᠠᠭᠠᠨ ᠤ ︽ᠬᠠᠶᠢᠷ᠎ᠠ ᠶᠢᠨ ᠦᠯᠦᠭᠡᠢ︾ ᠨᠡᠷᠡᠮᠵᠢᠲᠤ ᠠᠭᠤᠳᠠᠮ ᠲᠠᠯᠠᠪᠠᠢ ᠶᠢᠨ ᠣᠷᠠᠨ ᠵᠢᠷᠤᠭ ᠤᠨ | ᠤᠷᠤᠯᠳᠤᠭᠠᠨ ᠦᠷᠨᠢᠬᠦᠯᠵᠣ ᠬᠡᠥᠬᠡᠳ ᠪᠠᠭᠠᠴᠤᠳ ᠲᠤ ᠪᠠᠶᠠᠷ ᠤᠨ ᠡᠳᠣᠷ ᠢ ᠨᠢ ᠤᠳᠬ᠎ᠠ ᠠᠭᠤᠯᠭ᠎ᠠ ᠲᠠᠢ | ᠲᠡᠮᠲᠡᠭᠯᠡᠵᠦ ᠦᠭᠭᠦᠭᠰᠡᠨ ᠪᠠᠶᠢᠨ᠎ᠠ᠃ | ᠦᠣᠰᠢᠨᠵᠣᠣ ᠪᠠᠯᠭᠠᠰᠣᠨ ᠤ ᠦᠥᠰᠢᠨᠵᠤᠤ ᠭᠠᠴᠠᠭᠠᠨ ᠤ ᠨᠦᠭᠡᠨᠰᠦ᠋ᠮᠡ ᠮᠠᠯᠵᠢᠯ ᠤᠨ ᠬᠤᠷᠰᠢᠶᠠᠨ ᠤ | ᠮᠠᠯᠴᠢᠨ ᠵᠢᠷᠣᠭᠴᠢᠨ ᠱᠤᠸᠠᠩ ᠰᠢ ᠤᠤᠯ ᠤᠨ ᠦᠥᠰᠢᠨᠵᠤᠤ ᠪᠠᠭ᠎ᠠ ᠰᠤᠷᠭᠠᠭᠤᠯᠢ ᠠᠴᠠ ᠲᠡᠭᠦᠰᠴᠤ ᠬᠠᠷᠠᠬᠠᠨ ᠪᠠᠭ᠎ᠠ | ᠠᠴᠠ ᠪᠠᠨ ᠤᠷᠠᠨ ᠵᠢᠷᠤᠭ ᠲᠤ ᠪᠠᠭ᠋ᠠᠲᠠᠢ ᠪᠠᠶᠢᠳᠠᠭ ᠠᠴᠠ ᠡᠨ᠋ᠨ ᠡᠳᠣᠷ ᠡᠬᠡ ᠰᠤᠷᠭᠠᠭᠤᠯᠢ ᠳᠤ ᠪᠠᠨ ᠴᠡᠴᠡᠷᠯᠢᠭ | ᠪᠣᠯᠣᠨ ᠪᠠᠭ᠎ᠠ ᠰᠤᠷᠭᠠᠭᠤᠯᠢ ᠶᠢᠨ ᠲᠤᠭᠤᠶᠢᠯᠠᠩ ᠬᠤᠪᠢᠶᠠᠭᠰᠠᠨ ᠣᠷᠣᠯᠳᠣᠭᠠᠨ ᠦᠷᠨᠢᠬᠦᠯᠵᠣ ᠪᠠᠭᠠᠴᠣᠣᠨ ᠭᠡᠣᠭᠡᠣᠨ | ᠤᠳ ᠬᠠᠮᠤᠭ ᠤᠨ ᠬᠦᠰᠡᠨ ᠮᠦᠷᠣᠭᠡᠳᠣᠭ᠍ᠰᠡᠨ ᠪᠠᠶᠠᠷ ᠤᠨ ᠡᠳᠣᠷ ᠢᠶᠠᠨ ᠡᠯ᠎ᠡ ᠵᠦᠢᠯ ᠤᠨ ᠤᠷᠠᠨ ᠵᠢᠷᠤᠭ ᠢᠶᠠᠷ | ᠢᠯᠡᠳᠭᠡᠨ ᠭᠠᠷᠭᠠᠯ᠎ᠠ᠃ | ᠤᠷᠤᠯᠳᠤᠭᠠᠨ ᠳᠤ ᠰᠣᠷᠣᠭᠴᠢᠳ ᠡᠬᠡ ᠤᠯᠤᠰ᠂ ᠠᠪᠤ ᠡᠵᠢ᠂ ᠡᠬᠡ ᠰᠤᠷᠭᠠᠭᠤᠯᠢ ᠪᠠᠨ ᠣᠷᠡᠨ ᠵᠢᠷᠤᠭ ᠤᠨ | ᠬᠡᠯᠪᠡᠷᠢ ᠪᠠᠨ ᠵᠢᠷᠣᠭᠯᠡᠨ ᠮᠠᠭᠳᠠᠵᠣ ᠳᠣᠰ ᠰᠤᠷᠭᠠᠭᠤᠯᠢ ᠶᠢᠨ ᠪᠠᠭ᠎ᠠ ᠰᠤᠷᠭᠠᠭᠤᠯᠢ ᠶᠢᠨ ᠬᠤᠶᠠᠳᠤᠭᠠᠷ ᠤᠨ ᠤ | ᠰᠤᠷᠤᠭᠴᠢ ᠴᠢᠨᠡᠭᠡᠯᠢᠭ ᠡᠨ᠋ᠨ ᠤᠳᠠᠭᠠᠨ ᠤ ᠤᠷᠤᠯᠳᠤᠭᠠᠨ ᠳᠤ ᠦᠪᠡᠷ ᠤᠨ ᠪᠣᠳᠣᠵᠣ ᠰᠠᠨᠠᠭᠰᠠᠨ ᠵᠣᠶᠢᠯ ᠢᠶᠠᠨ | ᠬᠢᠨᠠᠮᠠᠭᠠᠢ ᠵᠢᠷᠣᠭᠯᠠᠵᠣ ᠲᠡᠷᠢᠭᠦᠨ ᠱᠠᠩᠨᠠᠯ ᠬᠦᠷᠳᠡᠭᠰᠡᠨ ᠪᠠᠶᠢᠨ᠎ᠠ᠃ | ᠮᠠᠯᠴᠢᠨ ᠵᠢᠷᠣᠭᠴᠢᠨ ᠱᠤᠸᠠᠩ ᠰᠢ ᠦᠪᠡᠷ ᠤᠨ ᠣᠷᠠᠨ ᠵᠢᠷᠤᠭ ᠤᠨ ᠳᠣᠷ᠎ᠠ ᠪᠠᠬ᠎ᠠ ᠪᠠᠨ ᠪᠡᠷᠢᠮᠳᠡᠯᠠᠵᠣ | ᠪᠠᠶᠢᠭ᠎ᠠ ᠵᠣᠷᠢᠭ ᠰᠠᠨᠠᠭ᠎ᠠ ᠪᠠᠨ ᠦᠨᠳᠣᠰᠣᠨ ᠱᠠᠳᠣᠨ ᠤᠨ ᠰᠣᠷᠭᠠᠭᠤᠯᠢ ᠶᠢᠨ ᠪᠠᠭᠠᠴᠣᠣᠨ ᠭᠡᠣᠭᠡᠳ ᠲᠤ | ᠣᠯᠠᠮᠵᠢᠯᠠᠵᠣ ᠳᠠᠭᠤᠷᠢᠶᠠᠯ ᠦᠵᠡᠬᠦᠯᠦᠯ᠎ᠡ᠃ ︽ᠮᠠᠨ ᠤ ᠦᠥᠰᠢᠨᠵᠤᠤ ᠳᠤ ᠠᠪᠴᠤ ᠬᠡᠯᠡᠪᠡᠯ ᠦᠤᠰᠢᠨᠵᠤᠤ ᠪᠠᠭ᠎ᠠ | ᠰᠤᠷᠭᠠᠭᠤᠯᠢ ᠨᠢ ᠴᠤᠷ ᠤᠨ ᠭᠠᠭᠴᠠ ᠮᠤᠩᠭᠤᠯ ᠰᠤᠶᠤᠯ ᠤᠨ ᠦᠯᠦᠭᠡᠢ ᠪᠤᠯᠤᠭᠰᠠᠨ ᠬᠤᠪᠢ ᠳᠤ ᠵᠢᠭᠠᠬᠠᠨ ᠬᠠᠮ | ᠲᠡᠮ ᠪᠤᠯᠬᠤ ᠶᠤᠮ ᠤᠤ ᠡᠰᠡᠭᠦᠯ᠎ᠡ ᠵᠢᠭᠠᠬᠠᠨ ᠵᠢᠷᠤᠭ ᠤᠨ ᠲᠠᠯ᠎ᠠ ᠪᠠᠷ ᠵᠤᠷᠢᠭᠵᠢᠭᠤᠯᠤᠯ ᠪᠤᠯᠬᠤ ᠶᠤᠮ ᠤᠤ ᠭᠡᠵᠤ | ᠪᠤᠳᠤᠭᠠᠳ ᠲᠤᠰ ᠤᠷᠤᠯᠳᠤᠭᠠᠨ ᠢ ᠡᠷᠬᠢᠯᠡᠵᠦ ᠬᠢᠯ᠎ᠡ︾ ᠭᠡᠵᠤ ᠱᠤᠸᠠᠩ ᠰᠢ ᠪᠤᠳᠤᠯ ᠢᠶᠠᠨ ᠶᠠᠷᠢᠵᠤ ᠪᠠᠶᠢᠯ᠎ᠠ᠃ |